微信打开
蒙古文网站Logo
ᠰᠢᠨᠬᠤᠸᠠ ᠮᠤᠩᠭ᠋ᠤᠯ ᠨᠧᠲ

ᠳ᠋ᠦ᠋ᠩ ᠡᠾᠧᠩ ᠢᠤᠢ ᠬᠡᠰᠢᠬᠦᠨ᠄ ᠤᠯᠠᠨ ᠤᠯᠤᠰ ᠤᠨ ᠮᠤᠩᠭ᠋ᠤᠯ ᠡᠮ ᠡᠮᠨᠡᠯᠬᠡ ᠶᠢᠨ ᠶᠡᠬᠡ ᠰᠤᠷᠭᠠᠭᠤᠯᠢ ᠶᠢ ᠪᠠᠶᠢᠭᠤᠯᠬᠤ ᠶᠠᠪᠤᠳᠠᠯ ᠳᠤᠯᠭᠠᠮ᠎ᠠ ᠱᠠᠭᠠᠷᠳᠠᠭᠳᠠᠵᠤ ᠪᠤᠢ

2016-03-07 15:14

ᠳ᠋ᠦ᠋ᠩ ᠡᠾᠧᠩ ᠢᠤᠢ ᠬᠡᠰᠢᠬᠦᠨ (ᠮᠠᠲ᠋ᠧᠷᠢᠶᠠᠯ ᠵᠢᠷᠤᠭ)

    ᠠᠷᠠᠳ ᠤᠨ ᠤᠯᠤᠰ ᠳᠦᠷᠦ ᠶᠢᠨ ᠵᠦᠪᠯᠡᠯᠬᠡᠨ ᠤ ᠨᠧᠲ ᠤᠨ ᠪᠡᠬᠡᠵᠢᠩ ᠤᠨ 3 ᠰᠠᠷ᠎ᠠ ᠶᠢᠨ 4 ᠤ ᠡᠳᠦᠷ ᠤᠨ ᠮᠡᠳᠡᠬᠡ ᠶᠢ ᠦᠨᠳᠦᠰᠦᠯᠡᠪᠡᠯ᠂ ᠪᠦᠬᠦ ᠤᠯᠤᠰ ᠤᠨ ᠤᠯᠤᠰ ᠳᠦᠷᠦ ᠶᠢᠨ ᠵᠦᠪᠯᠡᠯᠬᠡᠨ ᠤ ᠬᠡᠰᠢᠬᠦᠨ ᠳ᠋ᠦ᠋ᠩ ᠡᠾᠧᠩ ᠢᠤᠢ ᠤᠯᠠᠨ ᠤᠯᠤᠰ ᠤᠨ ᠮᠤᠩᠭ᠋ᠤᠯ ᠡᠮ ᠡᠮᠨᠡᠯᠬᠡ ᠶᠢᠨ ᠶᠡᠬᠡ ᠰᠤᠷᠭᠠᠭᠤᠯᠢ ᠶᠢ ᠪᠠᠶᠢᠭᠤᠯᠬᠤ ᠳᠤᠬᠠᠢ ᠰᠠᠨᠠᠯ ᠳᠤᠷᠠᠳᠤᠯᠭ᠎ᠠ ᠳᠡᠪᠰᠢᠬᠦᠯᠦᠭᠰᠡᠨ ᠪᠠᠶᠢᠨ᠎ᠠ᠃

    ᠮᠤᠩᠭ᠋ᠤᠯ ᠡᠮ ᠡᠮᠨᠡᠯᠬᠡ ᠨᠢ ᠳᠤᠮᠳᠠᠳᠤ ᠶᠢᠨ ᠦᠨᠳᠦᠰᠦᠳᠡᠨ ᠤ ᠡᠮ ᠡᠮᠨᠡᠯᠬᠡ ᠶᠢᠨ ᠦᠢᠯᠡᠰ ᠤᠨ ᠴᠢᠬᠤᠯᠠ ᠪᠦᠷᠢᠯᠳᠦᠬᠦᠨ ᠬᠡᠰᠡᠭ ᠪᠤᠯᠤᠭᠰᠠᠨ ᠤ ᠬᠤᠪᠢ ᠳᠤ᠂ ᠤᠷᠢᠳ ᠭᠠᠷᠤᠭ᠎ᠠ ᠦᠬᠡᠢ ᠬᠦᠭ᠍ᠵᠢᠯᠳᠡ ᠶᠢᠨ ᠠᠵᠠ ᠳᠤᠬᠢᠶᠠᠵᠤ ᠪᠠᠶᠢᠨ᠎ᠠ᠃ 《ᠤᠳᠤᠬᠠᠨ ᠳᠤ ᠮᠠᠨ ᠤ ᠤᠯᠤᠰ ᠤᠨ ᠮᠤᠩᠭ᠋ᠤᠯ ᠡᠮ ᠡᠮᠨᠡᠯᠬᠡ ᠳᠤ ᠬᠤᠯᠪᠤᠭᠳᠠᠭᠰᠠᠨ 8 ᠮᠤᠵᠢ ᠤᠷᠤᠨ ᠤ ᠳᠤᠳᠤᠷ᠎ᠠ ᠡᠯ᠎ᠡ ᠳᠡᠰ ᠤᠨ ᠮᠤᠩᠭ᠋ᠤᠯ ᠡᠮᠨᠡᠯᠬᠡ ᠨᠡᠶᠢᠳᠡ 100 ᠭᠠᠷᠤᠢ ᠪᠠᠶᠢᠵᠤ᠂ ᠮᠤᠩᠭ᠋ᠤᠯ ᠡᠮ ᠡᠮᠨᠡᠯᠬᠡ ᠶᠢᠨ ᠡᠮᠴᠢᠯᠡᠬᠡᠨ ᠤ ᠪᠠᠶᠢᠭᠤᠯᠤᠮᠵᠢ ᠨᠢ ᠪᠦᠬᠦ ᠤᠯᠤᠰ ᠤᠨ ᠦᠨᠳᠦᠰᠦᠳᠡᠨ ᠤ ᠡᠮ ᠡᠮᠨᠡᠯᠬᠡ ᠶᠢᠨ ᠬᠦᠷᠢᠶᠡᠨ ᠳᠤ ᠡᠮᠦᠨᠡᠬᠦᠷ ᠵᠢᠬᠰᠠᠭᠠᠭᠳᠠᠵᠤ ᠪᠠᠶᠢᠭ᠎ᠠ ᠪᠤᠯᠪᠠᠴᠤ᠂ ᠮᠤᠩᠭ᠋ᠤᠯ ᠡᠮ ᠡᠮᠨᠡᠯᠬᠡ ᠶᠢᠨ ᠵᠢᠭᠠᠨ ᠰᠤᠷᠭᠠᠯᠳᠠ ᠡᠷᠳᠡᠮ ᠰᠢᠨᠵᠢᠯᠡᠬᠡᠨ ᠤ ᠪᠠᠶᠢᠭᠤᠯᠤᠮᠵᠢ ᠵᠢᠴᠢ ᠮᠤᠩᠭ᠋ᠤᠯ ᠡᠮ ᠡᠮᠨᠡᠯᠬᠡ ᠶᠢᠨ ᠠᠵᠤ ᠦᠢᠯᠡᠰᠵᠢᠯ ᠤᠨ ᠬᠦᠭ᠍ᠵᠢᠯᠳᠡ ᠢᠯᠡᠷᠬᠡᠢ ᠬᠤᠴᠤᠷᠤᠩᠭ᠋ᠤᠢ ᠪᠠᠶᠢᠨ᠎ᠠ᠃ ᠦᠪᠦᠷ ᠮᠤᠩᠭ᠋ᠤᠯ ᠳᠤ ᠤᠳᠤ ᠪᠤᠯᠳᠠᠯ᠎ᠠ ᠮᠤᠩᠭ᠋ᠤᠯ ᠡᠮ ᠡᠮᠨᠡᠯᠬᠡ ᠶᠢᠨ ᠳᠤᠰᠬᠠᠢ ᠶᠡᠬᠡ ᠰᠤᠷᠭᠠᠭᠤᠯᠢ ᠪᠠᠶᠢᠬᠤ ᠦᠬᠡᠢ᠂ ᠦᠪᠦᠷ ᠮᠤᠩᠭ᠋ᠤᠯ ᠤᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠪᠠ ᠦᠪᠦᠷ ᠮᠤᠩᠭ᠋ᠤᠯ ᠤᠨ ᠦᠨᠳᠦᠰᠦᠳᠡᠨ ᠤ ᠶᠡᠬᠡ ᠰᠤᠷᠭᠠᠭᠤᠯᠢ ᠶᠢᠨ ᠮᠤᠩᠭ᠋ᠤᠯ ᠡᠮ ᠡᠮᠨᠡᠯᠬᠡ ᠶᠢᠨ ᠳᠤᠰᠬᠠᠢ ᠮᠡᠷᠬᠡᠵᠢᠯ ᠢᠶᠡᠷ ᠳᠡᠬᠦᠰᠦᠭᠰᠡᠨ ᠤᠶᠤᠳᠠᠳ ᠴᠦᠬᠡᠨ ᠪᠤᠯᠬᠤᠷ ᠦᠨᠳᠦᠰᠦᠨ ᠱᠠᠳᠤᠨ ᠤ ᠬᠡᠷᠡᠭᠴᠡᠬᠡ ᠶᠢ ᠬᠠᠩᠭ᠋ᠠᠵᠤ ᠴᠢᠳᠠᠬᠤ ᠦᠬᠡᠢ ᠪᠠᠶᠢᠨ᠎ᠠ᠃ ᠡᠶᠢᠮᠤ ᠡᠴᠡ ᠤᠯᠠᠨ ᠤᠯᠤᠰ ᠤᠨ ᠮᠤᠩᠭ᠋ᠤᠯ ᠡᠮ ᠡᠮᠨᠡᠯᠬᠡ ᠶᠢᠨ ᠶᠡᠬᠡ ᠰᠤᠷᠭᠠᠭᠤᠯᠢ ᠶᠢ ᠪᠠᠶᠢᠭᠤᠯᠬᠤ ᠶᠠᠪᠤᠳᠠᠯ ᠳᠤᠯᠭᠠᠮ᠎ᠠ ᠱᠠᠭᠠᠷᠳᠠᠭᠳᠠᠵᠤ ᠪᠤᠢ 》ᠬᠡᠵᠤ ᠬᠡᠰᠢᠬᠦᠨ ᠳ᠋ᠦ᠋ᠩ ᠡᠾᠧᠩ ᠢᠤᠢ ᠳᠤᠷᠠᠳᠤᠵᠠᠢ᠃

 

ᠢᠷᠡᠯᠳᠡ᠄ ᠠᠷᠠᠳ ᠤᠨ ᠤᠯᠤᠰ ᠳᠦᠷᠦ ᠶᠢᠨ ᠵᠦᠪᠯᠡᠯᠬᠡᠨ ᠤ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠳᠤᠮᠳᠠᠳᠤ ᠤᠯᠤᠰ ᠤᠨ ᠨᠡᠷᠡᠲᠤ ᠮᠤᠳ᠋ᠸᠯᠴᠤᠳ ᠤᠨ ᠲᠡᠮᠡᠴᠡᠭᠡᠨ ᠠᠮᠵᠢᠯᠲᠠ ᠲᠠᠢ ᠦᠨᠳᠦᠷᠯᠡᠯ᠎ᠡ
  • ᠨᠢᠭᠡ ᠵᠢᠯ ᠳᠤ ᠬᠡᠷᠬᠢᠨ 100 ᠨᠤᠮ ᠤᠩᠰᠢᠬᠤ ᠪᠤᠢ?
  • ᠡᠦ ᠭᠤᠸᠠᠨ ᠵᠦᠩ ᠤᠨ ᠪᠦᠲᠦᠭᠡᠯ ᠪᠤᠥ ᠯᠢ ᠰᠢᠶᠠᠨᠭᠭᠠᠩ ᠤᠨ ᠳᠠᠭᠤᠳᠠᠯᠭ᠎ᠠ ᠬᠤᠳᠠᠯᠳᠤᠭᠠᠨ ᠳᠤ ᠤᠷᠤᠯᠴᠠᠬᠤ ᠪᠡᠷ ᠪᠤᠢ
  • 《2016 ᠤᠨ ᠤ ᠵᠠᠰᠠᠬ ᠤᠨ ᠤᠷᠳᠤᠨ ᠤ ᠠᠵᠢᠯ ᠤᠨ ᠢᠯᠡᠳᠬᠡᠯ ᠤᠨ ᠵᠢᠷᠤᠬᠲᠤ ᠲᠠᠶᠢᠯᠪᠤᠷᠢ》ᠬᠡᠪᠯᠡᠭᠳᠡᠯ᠎ᠡ
关闭
010070230030000000000000011120701118256195