微信打开
蒙古文网站Logo
ᠰᠢᠨᠬᠤᠸᠠ ᠮᠤᠩᠭ᠋ᠤᠯ ᠨᠧᠲ

ᠤᠯᠠᠭᠠᠨ ᠪᠡᠴᠢᠨ ᠵᠢᠯ ᠤᠨ ᠬᠠᠪᠤᠷ ᠤᠨ ᠤᠯᠠᠷᠢᠯ ᠤᠨ ᠴᠢᠩᠬᠢᠰ ᠬᠠᠭᠠᠨ ᠤ ᠴᠠᠭᠠᠨ ᠰᠦᠷᠦᠭ ᠤᠨ ᠶᠡᠬᠡ ᠲᠠᠢᠢᠯᠭ᠎ᠠ 4 ᠰᠠᠷ᠎ᠠ ᠶᠢᠨ 27 ᠤ ᠡᠲᠦᠷ ᠶᠠᠪᠤᠭᠲᠠᠨ᠎ᠠ

2016-04-22 11:26

    ᠰᠢᠨᠬᠤᠸᠠ ᠮᠤᠩᠭ᠋ᠤᠯ ᠨᠸᠲ  ᠤᠷᠲᠤᠰ ᠤᠨ ᠡᠵᠡᠨ ᠬᠤᠷᠤᠭ᠎ᠠ ᠶᠢᠨ 4 ᠰᠠᠷ᠎ᠠ ᠶᠢᠨ 22 ᠤᠨ ᠡᠲᠦᠷ ᠤᠨ ᠴᠠᠬᠢᠯᠭᠠᠨ ᠮᠡᠳᠡᠭᠡ   ᠴᠢᠩᠬᠢᠰ ᠬᠠᠭᠠᠨ ᠤ ᠴᠠᠭᠠᠨ ᠰᠦᠷᠦᠭ ᠤᠨ ᠶᠡᠬᠡ ᠲᠠᠢᠢᠯᠭ᠎ᠠ ᠶᠢ ᠵᠢᠯ ᠪᠦᠷᠢ ᠶᠢᠨ ᠪᠢᠯᠢᠭ᠌ ᠤᠨ ᠤᠯᠠᠷᠢᠯ ᠤᠨ ᠭᠤᠷᠪᠠᠨ ᠰᠠᠷ᠎ᠠ ᠶᠢᠨ ᠠᠷᠪᠠᠨ ᠲᠤᠯᠤᠭᠠᠨ ᠡᠴᠡ ᠬᠤᠷᠢᠨ ᠲᠦᠷᠪᠡᠨ ᠎( ᠤᠷᠲᠤᠰ ᠲᠤᠭᠠᠯᠠᠯ ᠤᠨ ᠵᠢᠷᠭᠤᠭᠠᠨ ᠰᠠᠷ᠎ᠠ ᠶᠢᠨ ᠠᠷᠪᠠᠨ ᠲᠤᠯᠤᠭᠠᠨ ᠡᠴᠡ ᠬᠤᠷᠢᠨ ᠲᠦᠷᠪᠡᠨ) ᠪᠤᠯᠲᠠᠯ᠎ᠠ ᠤᠷᠢᠳ ᠬᠤᠵᠢᠳ ᠨᠠᠶ᠋ᠮᠠᠨ ᠡᠲᠦᠷ ᠬᠢᠲᠡᠭ ᠪᠢᠯᠡ᠃ ᠡᠭᠦᠨ ᠤ ᠲᠤᠲᠤᠷ᠎ᠠ ᠭᠤᠷᠪᠠᠨ ᠰᠠᠷ᠎ᠠ ᠶᠢᠨ ᠬᠤᠷᠢᠨ ᠨᠢᠭᠡᠨ ᠤ ᠡᠲᠦᠷ ᠪᠤᠯ ᠭᠤᠤᠯ ᠲᠠᠢᠢᠯᠭ᠎ᠠ ᠶᠢᠨ ᠡᠲᠦᠷ ᠪᠤᠯᠤᠨ᠎ᠠ᠃

    ᠴᠢᠩᠬᠢᠰ ᠬᠠᠭᠠᠨ ᠤ ᠵᠢᠭᠤᠯᠴᠢᠯᠠᠯ ᠤᠨ ᠤᠷᠤᠨ ᠤ ᠬᠠᠮᠢᠶᠠᠷᠤᠯᠲᠠ ᠶᠢᠨ ᠵᠦᠪᠯᠡᠯ ᠤᠨ ᠰᠤᠨᠢᠨ ᠮᠡᠳᠡᠭᠡᠨ ᠤ ᠦᠭᠦᠯᠡᠭᠴᠢ ᠲᠠᠩ ᠲᠠᠯᠠᠢ ᠮᠠᠨ ᠤ ᠰᠤᠷᠪᠤᠯᠵᠢᠯᠭ᠎ᠠ ᠶᠢ ᠬᠦᠯᠢᠶᠠᠨ ᠄《ᠤᠯᠠᠭᠠᠨ ᠪᠡᠴᠢᠨ ᠵᠢᠯ ᠤᠨ ᠴᠢᠩᠬᠢᠰ ᠬᠠᠭᠠᠨ ᠤ ᠬᠠᠪᠤᠷ ᠤᠨ ᠤᠯᠠᠷᠢᠯ ᠤᠨ ᠴᠠᠭᠠᠨ ᠰᠦᠷᠦᠭ ᠤᠨ ᠶᠡᠬᠡ ᠲᠠᠢᠢᠯᠭ᠎ᠠ ᠠᠷᠭ᠎ᠠ ᠶᠢᠨ ᠤᠯᠠᠷᠢᠯ ᠤᠨ 2016 ᠤᠨ ᠤ 4 ᠰᠠᠷ᠎ᠠ ᠶᠢᠨ 23 ᠤ ᠡᠲᠦᠷ ᠡᠴᠡ 30 ᠤ ᠡᠲᠦᠷ ᠪᠤᠯᠲᠠᠯ᠎ᠠ ᠴᠢᠩᠬᠢᠰ ᠬᠠᠭᠠᠨ ᠤ ᠤᠩᠭ᠋ᠤᠨ ᠳ᠋ᠤ ᠶᠠᠪᠤᠭᠲᠠᠨ᠎ᠠ᠃ ᠡᠭᠦᠨ ᠳ᠋ᠤ 4 ᠰᠠᠷ᠎ᠠ ᠶᠢᠨ 27 ᠤ ᠡᠲᠦᠷ ( ᠪᠢᠯᠢᠭ᠌ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ) ᠪᠤᠯ ᠭᠤᠤᠯ ᠲᠠᠢᠢᠯᠭ᠎ᠠ ᠶᠢᠨ ᠡᠲᠦᠷ ᠪᠠᠢᠢᠵᠤ᠂ ᠲᠤᠰ ᠡᠲᠦᠷ ᠠᠯᠪᠠᠨ ᠲᠠᠢᠢᠯᠭ᠎ᠠ᠂ ᠲᠡᠭᠷᠢ ᠲᠠᠢᠢᠯᠭ᠎ᠠ ᠪᠤᠯᠤᠨ ᠠᠯᠲᠠᠨ ᠤᠷᠲᠤᠨ ᠤ ᠲᠠᠢᠢᠯᠭ᠎ᠠ ᠵᠡᠷᠭᠡ ᠶᠢ ᠶᠠᠪᠤᠭᠲᠠᠭᠤᠯᠤᠨ᠎ᠠ᠃ ᠴᠠᠭᠠᠨ ᠰᠦᠷᠦᠭ ᠤᠨ ᠲᠠᠢᠢᠯᠬ᠋᠎ᠠ ᠶᠢᠨ ᠬᠤᠭᠤᠴᠠᠭᠠᠨ ᠳ᠋ᠤ ᠪᠠᠰᠠ ᠭᠤᠷᠪᠠᠲᠤᠭᠠᠷ ᠬᠤᠭᠤᠴᠠᠭᠠᠨ ᠤ ᠤᠷᠲᠤᠰ ᠤᠨ ᠤᠯᠠᠨ ᠤᠯᠤᠰ ᠤᠨ ᠨᠠᠭᠠᠲᠤᠮ ᠤᠨ 2016 ᠤᠨ ᠤ ᠪᠦᠬᠦ ᠤᠷᠤᠨ ᠤ 〈ᠪᠡᠯᠭᠦᠲᠡᠢ ᠨᠡᠷᠡᠮᠵᠢᠲᠦ 512〉ᠰᠢᠯᠢᠲᠡᠭ ᠪᠦᠬᠡ ᠶᠢᠨ ᠪᠠᠷᠢᠯᠲᠤᠭᠠᠨ ᠪᠠ ᠭᠤᠷᠪᠡᠲᠡᠬᠢ ᠡᠭᠡᠯᠵᠢ ᠶᠢᠨ ᠴᠢᠩᠬᠢᠰ ᠬᠠᠭᠠᠨ ᠤ ᠤᠩᠭ᠋ᠤᠨ ᠤ ᠵᠢᠭᠤᠯᠴᠢᠯᠠᠯ ᠤᠨ ᠤᠷᠤᠨ ᠤ ᠦᠨᠳᠦᠰᠦᠲᠡᠨ ᠤ ᠡᠳ᠋ᠯᠡᠯ ᠬᠡᠷᠡᠭᠰᠡᠯ ᠤᠨ ᠲᠡᠯᠭᠡᠨ ᠦᠵᠡᠭᠦᠯᠦᠯᠭᠡ ᠪᠤᠷᠤᠯᠠᠭᠤᠯᠭ᠎ᠠ ᠶᠢᠨ ᠠᠵᠢᠯᠯᠠᠭ᠎ᠠ ᠶᠠᠪᠤᠭᠲᠠᠨ᠎ᠠ》ᠭᠡᠵᠡᠢ᠃

    ᠦᠩᠭᠡᠷᠡᠭᠰᠡᠨ ᠵᠢᠯ ᠤᠳ ᠤᠨ ᠲᠤᠷᠰᠢᠯᠭ᠎ᠠ ᠶᠢ ᠦᠨᠳᠦᠰᠦᠯᠡᠪᠡᠯ᠂ 4 ᠰᠠᠷ᠎ᠠ ᠶᠢᠨ 27 ᠤ ᠡᠲᠦᠷ ᠬᠡᠲᠦᠨ ᠲᠦᠮᠡᠨ ᠮᠦᠷᠭᠦᠯᠴᠢᠳ ᠪᠤᠯᠤᠨ ᠵᠢᠭᠤᠯᠴᠢᠯᠠᠭᠴᠢᠳ ᠲᠠᠢᠢᠯᠭ᠎ᠠ ᠳ᠋ᠤ ᠤᠷᠤᠯᠴᠠᠬᠤ ᠪᠤᠯᠬᠤᠷ ᠲᠠᠢᠢᠯᠭ᠎ᠠ ᠶᠢᠨ ᠠᠮᠤᠷ ᠲᠦᠪᠰᠢᠨ ᠪᠠ ᠡᠮᠬᠢ ᠲᠢᠭ᠍ᠯᠢᠮ ᠲᠠᠢ ᠶᠠᠪᠤᠭᠲᠠᠬᠤ ᠶᠢ ᠪᠠᠲᠤᠯᠬᠠᠤ ᠶᠢᠨ ᠲᠦᠯᠦᠭᠡ ᠲᠤᠰ ᠡᠲᠦᠷ ᠴᠢᠩᠬᠢᠰ ᠬᠠᠭᠠᠨ ᠤ ᠤᠩᠭ᠋ᠤᠨ ᠤ ᠵᠢᠭᠤᠯᠴᠢᠯᠠᠯ ᠤᠨ ᠤᠷᠤᠨ ᠳ᠋ᠤ ᠵᠠᠮ ᠬᠠᠷᠢᠯᠴᠠᠭᠠᠨ ᠤ ᠬᠠᠮᠢᠶᠠᠷᠤᠯᠲᠠ ᠬᠢᠬᠦ ᠪᠤᠯᠤᠨ᠎ᠠ᠃ ᠴᠢᠩᠬᠢᠰ ᠬᠠᠭᠠᠨ ᠤ ᠵᠢᠭᠤᠯᠴᠢᠯᠠᠯ ᠤᠨ ᠤᠷᠤᠨ ᠤ ᠬᠠᠮᠢᠶᠠᠷᠤᠯᠲᠠ ᠶᠢᠨ ᠵᠦᠪᠯᠡᠯ ᠡᠴᠡ ᠦᠷᠭᠡᠨ ᠤᠯᠠᠨ ᠮᠦᠷᠭᠦᠯᠴᠢᠳ ᠪᠠ ᠵᠢᠭᠤᠯᠴᠢᠯᠠᠭᠴᠢᠳ ᠲᠠᠭᠠᠨ ᠬᠤᠪᠢ ᠶᠢᠨ ᠮᠠᠰᠢᠨ ᠲᠡᠷᠭᠡ ᠪᠠᠨ ᠲᠤᠭᠲᠠᠭᠰᠠᠨ ᠭᠠᠵᠠᠷ ᠲᠤ ᠵᠤᠭᠰᠤᠭᠠᠬᠤ ᠪᠤᠶᠤ ᠲᠦᠯᠦᠪᠦᠷᠢ ᠦᠭᠡᠢ ᠨᠡᠢᠢᠲᠡ ᠶᠢᠨ ᠮᠠᠰᠢᠨ ᠳ᠋ᠤ ᠰᠠᠭᠤᠵᠤ ᠴᠢᠩᠬᠢᠰ ᠬᠠᠭᠠᠨ ᠤ ᠤᠩᠭ᠋ᠤᠨ ᠳ᠋ᠤ ᠤᠴᠢᠵᠤ᠂ ᠤᠬᠠᠮᠰᠠᠷ ᠡᠴᠡ ᠪᠠᠨ ᠲᠠᠢᠢᠯᠭ᠎ᠠ ᠶᠢᠨ ᠡᠮᠬᠢ ᠲᠢᠭ᠍ᠯᠢᠮ ᠢ ᠰᠠᠬᠢᠵᠤ᠂ ᠠᠵᠢᠯᠲᠠᠳ ᠤᠨ ᠬᠠᠮᠢᠶᠠᠷᠤᠯᠲᠠ ᠶᠢ ᠲᠠᠭᠠᠨ᠂ ᠲᠠᠢᠢᠯᠭ᠎ᠠ ᠲᠠᠬᠢᠯᠭ᠎ᠠ ᠶᠢᠨ ᠭᠠᠵᠠᠷ ᠤᠨ ᠠᠷᠢᠭᠤᠨ ᠴᠠᠪᠡᠷ ᠪᠠᠢᠢᠬᠤ ᠶᠢ ᠪᠠᠳᠤᠯᠠᠬᠤ ᠶᠢ ᠰᠠᠨᠠᠭᠤᠯᠵᠤ ᠪᠠᠢᠢᠨ᠎ᠠ᠃

    ᠤᠯᠠᠭᠠᠨ ᠪᠡᠴᠢᠨ ᠵᠢᠯ ᠤᠨ ᠴᠢᠩᠬᠢᠰ ᠬᠠᠭᠠᠨ ᠤ ᠬᠠᠪᠤᠷ ᠤᠨ ᠴᠠᠭᠠᠨ ᠰᠦᠷᠦᠭ ᠤᠨ ᠶᠡᠬᠡ ᠲᠠᠢᠢᠯᠭ᠎ᠠ ᠶᠢᠨ ᠲᠤᠬᠢᠷᠠᠭᠤᠯᠭ᠎ᠠ᠄

    4 ᠰᠠᠷ᠎ᠠ ᠶᠢᠨ 23 ᠤ ᠡᠲᠦᠷ᠄ ᠨᠠᠶ᠋ᠮᠠᠨ ᠴᠠᠭᠠᠨ ᠤᠷᠲᠤ ᠴᠤᠭᠯᠠᠷᠠᠬᠤ ᠲᠠᠢᠢᠯᠭ᠎ᠠ ( 17᠄ 00 ᠴᠠᠭ ᠲᠤ)
    4 ᠰᠠᠷ᠎ᠠ ᠶᠢᠨ 24 ᠤ ᠡᠲᠦᠷ᠄ ᠨᠠᠶ᠋ᠮᠠᠨ ᠴᠠᠭᠠᠨ ᠤᠷᠲᠤ ᠵᠢᠭᠢᠯᠡᠬᠦ ᠲᠠᠢᠢᠯᠭ᠎ᠠ ( 8᠄ 30 ᠴᠠᠭ ᠲᠤ )
    4 ᠰᠠᠷ᠎ᠠ ᠶᠢᠨ 25 ᠤ ᠡᠲᠦᠷ᠄ ᠰᠦᠵᠢᠭ ᠤᠨ ᠲᠠᠢᠢᠯᠭ᠎ᠠ
    4 ᠰᠠᠷ᠎ᠠ ᠶᠢᠨ 26 ᠤ ᠡᠲᠦᠷ᠄ ᠭᠠᠷᠢᠯᠢ ᠶᠢᠨ ᠲᠠᠢᠢᠯᠭ᠎ᠠ ( 17᠄ 00 ᠴᠠᠭ ᠲᠤ)
    4 ᠰᠠᠷ᠎ᠠ ᠶᠢᠨ 27 ᠤ ᠡᠲᠦᠷ᠄ ᠴᠠᠭᠠᠨ ᠰᠦᠷᠦᠭ ᠤᠨ ᠡᠰᠦᠭ ᠤᠨ ᠲᠠᠢᠢᠯᠭ᠎ᠠ
         ᠴᠠᠭ ᠪᠠ ᠭᠠᠵᠠᠷ᠄ ᠠᠯᠪᠠᠨ ᠲᠠᠢᠢᠯᠭ᠎ᠠ ( 9᠄ 00 ᠴᠠᠭ ᠲᠤ ᠰᠢᠲᠦᠭᠡᠨ ᠤᠷᠲᠤᠨ ᠤ ᠡᠮᠦᠨ᠎ᠡ)
         ᠲᠡᠭᠷᠢ ᠲᠠᠬᠢᠯᠭ᠎ᠠ ( 17᠄ 00 ᠴᠠᠭ ᠲᠤ ᠠᠯᠲᠠᠨ ᠭᠠᠨᠲᠠᠷᠢ ᠶᠢᠨ ᠤᠪᠤᠭ᠎ᠠ)
         ᠠᠯᠲᠠᠨ ᠤᠷᠲᠤᠨ ᠤ ᠶᠡᠬᠡ ᠲᠠᠢᠢᠯᠭ᠎ᠠ ( 15᠄ 00 ᠴᠠᠭ ᠲᠤ ᠴᠢᠩᠬᠢᠰ ᠬᠠᠭᠠᠨ ᠤ ᠲᠦᠪ ᠤᠷᠲᠤᠨ ᠳ᠋ᠤ)
    4 ᠰᠠᠷ᠎ᠠ ᠶᠢᠨ 28 ᠤ ᠡᠲᠦᠷ᠄ ᠰᠦᠵᠢᠭ ᠤᠨ ᠲᠠᠢᠢᠯᠭ᠎᠎ᠠ
    4 ᠰᠠᠷ᠎ᠠ ᠶᠢᠨ 29 ᠤ ᠡᠲᠦᠷ᠄ ᠰᠢᠷ᠎ᠠ ᠬᠠᠰᠠᠭ ᠤᠨ ᠲᠠᠢᠢᠯᠭ᠎ᠠ
    4 ᠰᠠᠷ᠎ᠠ ᠶᠢᠨ 30 ᠤ ᠡᠲᠦᠷ᠄ ᠨᠠᠶ᠋ᠮᠠᠨ ᠴᠠᠭᠠᠨ ᠤᠷᠲᠤ ᠦᠭᠡᠲᠡᠯᠡᠬᠦ ᠲᠠᠢᠢᠯᠭ᠎ᠠ ( 8᠄ 30 ᠴᠠᠭ ᠲᠤ)

      ᠰᠢᠨᠬᠤᠸᠠ ᠮᠤᠩᠭ᠋ᠤᠯ ᠨᠸᠲ ᠤᠨ ᠬ•ᠦᠵᠡᠰᠭᠦᠯᠡᠩ᠂ ᠨᠤᠭᠤᠭᠠᠨᠲᠠᠯ᠎ᠠ᠂ ᠪᠤᠯᠤᠷᠴᠡᠴᠡᠭ ᠤᠷᠲᠤᠰ ᠤᠨ ᠷᠠᠳᠢᠤ᠋ ᠲᠸᠯᠸᠢᠰ ᠬᠤᠷᠢᠶᠠᠨ ᠤ ᠲᠠᠪᠰᠢᠩᠭ᠋᠎ᠠ᠂ ᠠᠷᠪᠢᠨᠲᠠᠯᠠᠢ᠂ ᠤᠷᠲᠤᠰ ᠤᠨ ᠡᠲᠦᠷ ᠤᠨ ᠰᠤᠨᠢᠨ ᠤ ᠭᠡᠭᠡᠨᠬᠠᠰ᠂ ᠪᠤᠶᠠᠠᠠᠠᠷᠪᠢᠨ᠂ ᠡᠵᠡᠨ ᠬᠤᠷᠤᠭ᠎ᠠ ᠬᠤᠰᠢᠭᠤᠨ ᠤ ᠲᠸᠯᠸᠶ᠋ᠰ ᠬᠤᠷᠢᠶᠠᠨ ᠤ ᠰᠠᠷᠠᠭᠤᠯ ᠲᠠᠨ᠎ᠠ ᠨᠠᠷ ᠮᠡᠳᠡᠭᠡᠯᠡᠪᠡ᠃

    

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠴᠢᠩᠬᠢᠰ ᠤᠨ ᠤᠩᠭ᠋ᠤᠨ ᠤ ᠳᠠᠶᠢᠯᠭ᠎ᠠ ᠶᠢ ᠳᠡᠯᠡᠬᠡᠢ ᠶᠢᠨ ᠪᠡᠶᠡᠳᠦ ᠪᠤᠰᠤ ᠰᠤᠶᠤᠯ ᠤᠨ ᠦᠪ ᠢᠶᠡᠷ ᠡᠷᠡᠮᠡᠯᠵᠡᠵᠤ ᠪᠤᠢ
  • ᠮᠤᠩᠭ᠋ᠤᠯ ᠰᠤᠶᠤᠯ  ᠢᠶᠡᠨ ᠳᠡᠯᠡᠬᠡᠢ ᠳ᠋ᠤ ᠲᠠᠨᠢᠭᠤᠯᠬᠤ ᠠᠤᠭ᠎ᠠ ᠵᠤᠷᠢᠯᠲᠠ ᠶᠢ ᠡᠷᠢᠯᠬᠢᠯᠡᠭᠴᠢ
  • 《ᠰᠢᠨᠬᠤᠸᠠ ᠲᠤᠯᠢ ᠪᠢᠴᠢᠭ᠌》ᠭᠢᠨᠢᠰ ᠤᠨ ᠲᠡᠮᠳᠡᠭᠯᠡᠯ ᠳᠤ ᠪᠢᠴᠢᠭᠳᠡᠯ᠎ᠡ
  • ᠺᠠᠶᠢᠷᠤ᠋ ᠶᠢᠨ ᠵᠡᠭᠡᠯᠢ ᠳᠡᠭᠡᠷᠡᠬᠢ ᠭᠠᠷ ᠨᠡᠬᠡᠮᠡᠯ ᠬᠡᠪᠢᠰᠦᠨ ᠤ ᠳᠡᠯᠭᠡᠭᠦᠷ
关闭
010070230030000000000000011120691118706074