微信打开
蒙古文网站Logo
ᠰᠢᠨᠬᠤᠸᠠ ᠮᠤᠩᠭ᠋ᠤᠯ ᠨᠧᠲ

ᠨᠠᠶ᠋ᠮᠠᠨ ᠴᠠᠭᠠᠨ ᠤᠷᠳᠤ ᠵᠢᠭᠢᠯᠡᠬᠦ ᠲᠠᠶᠢᠯᠭ᠎ᠠ ᠪᠤᠯᠤᠯ᠎ᠠ

2016-04-24 16:22

    ᠰᠢᠨᠬᠤᠸᠠ ᠮᠣᠩᠭᠣᠯ ᠨᠧᠲ   ᠤᠷᠳᠤᠰ ᠤᠨ 4 ᠰᠠᠷ᠎ᠠ ᠶᠢᠨ 24 ᠤ ᠡᠳᠦᠷ ᠤᠨ ᠴᠠᠬᠢᠯᠭᠠᠨ ᠮᠡᠳᠡᠭᠡ (ᠬ•ᠦᠵᠡᠰᠬᠦᠯᠡᠩ᠂ ᠨᠤᠭᠤᠭᠠᠨᠳᠠᠯ᠎ᠠ) ᠳᠤᠰ ᠡᠳᠦᠷ ᠤᠨ 08᠄ 30 ᠴᠠᠭ ᠲᠤ᠂ ᠤᠯᠠᠭᠠᠨ ᠪᠡᠴᠢᠨ ᠵᠢᠯ ᠤᠨ ᠴᠢᠩᠬᠢᠰ ᠬᠠᠭᠠᠨ ᠤ ᠤᠩᠭ᠋ᠤᠨ ᠤ ᠴᠠᠭᠠᠨ ᠰᠦᠷᠦᠭ ᠤᠨ ᠶᠡᠬᠡ ᠳᠠᠶᠢᠯᠭ᠎ᠠ ᠶᠢᠨ ᠨᠠᠶ᠋ᠮᠠᠨ ᠴᠠᠭᠠᠨ ᠤᠷᠲᠤ ᠵᠢᠭᠢᠯᠡᠬᠦ ᠲᠠᠶᠢᠯᠭ᠎ᠠ ᠪᠤᠯᠵᠤ ᠦᠩᠭᠡᠷᠡᠯ᠎ᠡ᠃

    ᠳᠠᠶᠢᠯᠭ᠎ᠠ ᠶᠢᠨ ᠶᠤᠰᠤᠯᠠᠯ

    《ᠴᠢᠩᠭᠢᠰ ᠬᠠᠭᠠᠨ ᠤ ᠤᠩᠭ᠋ᠤᠨ》 ᠭᠡᠭᠦ ᠨᠤᠮ ᠳᠤ ᠲᠡᠮᠳᠡᠭᠯᠡᠭᠰᠡᠨ ᠢᠶᠡᠷ᠂ ᠭᠤᠷᠪᠠᠨ ᠰᠠᠷ᠎ᠠ ᠶᠢᠨ ᠠᠷᠪᠠᠨ ᠨᠠᠶ᠋ᠮᠠᠨ ᠤ ᠯᠤᠤ ᠴᠠᠭ ᠲᠤ᠂ ᠨᠠᠶ᠋ᠮᠠᠨ ᠴᠠᠭᠠᠨ ᠤᠷᠳᠤ ᠶᠢᠨ ᠰᠢᠲᠦᠭᠡᠨ ᠵᠢᠭᠢ ᠳᠤ ᠵᠢᠭᠢᠯᠡᠨ᠎ᠠ᠃ ᠴᠢᠩᠭᠢᠰ ᠬᠠᠭᠠᠨ ᠪᠤᠯᠤᠨ ᠪᠦᠷᠲᠡᠭᠡᠯᠵᠢᠨ ᠬᠠᠲᠤᠨ ᠤ ᠴᠢᠨᠳᠠᠷ ᠤᠨ ᠬᠠᠭᠤᠷᠴᠠᠭ ᠢ ᠴᠤᠮᠴᠤᠭ ᠤᠷᠳᠤ ᠡᠴᠡ ᠨᠢ ᠵᠠᠯᠠᠨ ᠭᠠᠷᠭᠠᠵᠦ᠂ ᠠᠷᠪᠠᠨ ᠳᠤᠯᠤᠭᠠᠨ ᠤ ᠡᠳᠦᠷ ᠨᠢᠭᠡᠨᠳᠡ ᠡᠵᠡᠨ ᠬᠤᠷᠤᠭᠠᠨ ᠳᠤ ᠢᠷᠡᠭᠰᠡᠨ ᠬᠤᠷ ᠰᠠᠭᠠᠲᠠᠭ ᠤᠨ ᠴᠤᠮᠴᠤᠭ ᠤᠷᠳᠤ ᠳᠤ ᠵᠠᠯᠠᠵᠦ ᠤᠷᠤᠭᠤᠯᠤᠭᠠᠳ᠂ ᠳᠠᠬᠢᠨ ᠰᠢᠷ᠎ᠠ ᠬᠠᠰᠠᠭ ᠳᠡᠭᠡᠷ᠎ᠠ ᠭᠠᠷᠭᠠᠵᠦ ᠬᠤᠶᠠᠷ ᠡᠴᠡ ᠭᠤᠷᠪᠠᠨ ᠤᠩᠭ᠋ᠤᠨ ᠴᠠᠭᠠᠨ ᠲᠡᠮᠡᠭᠡ ᠪᠠᠷ ᠲᠠᠳᠠᠵᠦ ᠶᠠᠪᠤᠨ᠎ᠠ᠃ ᠴᠢᠩᠬᠢᠰ ᠬᠠᠭᠠᠨ ᠤ ᠴᠢᠨᠳᠠᠷ ᠤᠨ ᠬᠠᠭᠤᠷᠴᠠᠭ ᠢ ᠤᠷᠢᠲᠠᠪᠠᠷ ᠬᠤᠷ ᠰᠠᠭᠠᠲᠠᠭ ᠤᠨ ᠴᠤᠮᠴᠤᠭ ᠤᠷᠳᠤ ᠳᠤ ᠤᠷᠤᠭᠤᠯᠳᠠᠭ ᠤᠨ ᠤᠴᠢᠷ ᠨᠢ᠂ ᠬᠤᠷ ᠰᠠᠭᠠᠲᠠᠭ ᠤᠨ ᠴᠤᠮᠴᠤᠭ ᠤᠷᠳᠤ ᠶᠢ ᠰᠠᠬᠢᠵᠦ ᠪᠠᠶᠢᠭ᠎ᠠ ᠬᠤᠷᠴᠢᠨᠠᠷ ᠳᠠᠷᠬᠠᠳ ᠮᠦᠨ ᠤᠤᠯ ᠶᠤᠰᠤᠭᠠᠷ ᠴᠢᠩᠬᠢᠰ ᠬᠠᠭᠠᠨ ᠢ ᠬᠠᠮᠠᠭᠠᠯᠠᠵᠦ᠂ ᠴᠢᠩᠭᠢᠰ ᠬᠠᠭᠠᠨ ᠳᠡᠳᠡᠨ ᠢ ᠬᠠᠯᠠᠮᠵᠢᠯᠠᠵᠦ ᠪᠠᠶᠢᠨ᠎ᠠ ᠭᠡᠰᠡᠨ ᠰᠠᠨᠠᠭ᠎ᠠ ᠶᠢ ᠢᠯᠡᠳᠬᠡᠵᠠᠢ᠃ ᠬᠤᠷᠴᠢᠨᠠᠷ ᠤᠨ ᠡᠪᠦᠭᠡ ᠳᠡᠭᠡᠳᠦᠰ ᠪᠤᠯ ᠳᠠᠷᠤᠢ ᠲᠤᠬᠠᠢ ᠶᠢᠨ ᠦᠶ᠎ᠠ ᠶᠢᠨ ᠴᠢᠩᠭᠢᠰ ᠬᠠᠭᠠᠨ ᠤ ᠬᠡᠪᠲᠡᠭᠦᠯ ᠪᠠᠶᠢᠵᠦ᠂ ᠴᠢᠩᠭᠢᠰ ᠬᠠᠭᠠᠨ 《ᠬᠡᠪᠲᠡᠭᠦᠯ ᠮᠢᠨᠦ ᠠᠯᠲᠠᠨ ᠠᠮᠢ ᠶᠢ ᠰᠠᠬᠢᠮᠤᠢ᠃ ᠰᠢᠪᠠᠭᠤ ᠭᠦᠷᠦᠭᠡᠰᠦ ᠶᠢ ᠠᠪᠠᠯᠠᠬᠤ ᠳᠤ ᠬᠠᠮᠤᠭ ᠵᠤᠪᠠᠵᠦ ᠵᠦᠳᠡᠮᠤᠢ᠃ ᠨᠡᠭᠦᠨ ᠰᠠᠭᠤᠬᠤ ᠳᠤ ᠤᠷᠳᠤ ᠶᠢ ᠬᠠᠮᠠᠭᠠᠯᠠᠬᠤ ᠬᠦᠰᠭᠡ ᠲᠡᠷᠭᠡ ᠶᠢ ᠬᠠᠷᠠᠭᠠᠯᠵᠠᠮᠤᠢ》 ᠭᠡᠵᠦ ᠮᠠᠭᠲᠠᠭᠰᠠᠨ ᠪᠢᠯᠡ᠃

    ᠴᠢᠩᠬᠢᠰ ᠬᠠᠭᠠᠨ ᠤ ᠴᠢᠨᠳᠠᠷ ᠤᠨ ᠬᠠᠭᠤᠷᠴᠠᠭ ᠢ ᠵᠠᠯᠠᠬᠤ ᠡᠩᠨᠡᠭᠡᠨ ᠤ ᠬᠠᠮᠤᠭ ᠡᠮᠦᠨ᠎ᠠ ᠨᠢ ᠬᠤᠷᠴᠢᠨᠠᠷ ᠬᠡᠰᠢᠭ᠌ ᠤᠨ ᠬᠤᠶᠠᠷ ᠳᠠᠷᠬᠠᠳ ᠴᠢᠩᠬᠢᠰ ᠬᠠᠭᠠᠨ ᠤ ᠬᠤᠷ ᠰᠠᠭᠠᠲᠠᠭ ᠢ ᠡᠭᠦᠷᠴᠦ ᠶᠠᠪᠤᠨ᠎ᠠ᠃ ᠲᠡᠭᠦᠨ ᠤ ᠬᠤᠶᠢᠨ᠎ᠠ ᠡᠴᠡ ᠵᠢᠯᠤᠭᠤᠨ ᠰᠢᠷᠭ᠎ᠠ ᠮᠤᠷᠢᠨ ᠳᠤ ᠴᠢᠩᠬᠢᠰ ᠬᠠᠭᠠᠨ ᠤ ᠵᠢᠯᠤᠭᠤᠨ ᠡᠮᠡᠭᠡᠯ ᠢ ᠨᠢ ᠲᠤᠬᠤᠵᠦ᠂ ᠵᠢᠯᠤᠭᠤᠴᠢᠨ ᠬᠡᠰᠢᠭ᠌ ᠤᠨ ᠳᠠᠷᠬᠠᠳ ᠬᠦᠲᠦᠯᠵᠦ ᠶᠠᠪᠤᠨ᠎ᠠ᠃

    ᠰᠢᠷ᠎ᠠ ᠬᠠᠰᠠᠭ ᠵᠢᠭᠢ ᠳᠡᠭᠡᠷ᠎ᠠ ᠬᠦᠷᠴᠦ ᠴᠢᠩᠬᠢᠰ ᠬᠠᠭᠠᠨ ᠪᠤᠯᠤᠨ ᠪᠦᠷᠲᠡᠭᠡᠯᠵᠢᠨ ᠬᠠᠳᠤᠨ ᠤ ᠴᠢᠨᠳᠠᠷ ᠤᠨ ᠬᠠᠭᠤᠷᠴᠠᠭ ᠢ ᠬᠠᠰᠠᠭ ᠡᠴᠡ ᠪᠠᠭᠤᠯᠭᠠᠨ᠂ ᠨᠢᠭᠡᠨᠲᠡ ᠪᠤᠰᠬᠠᠵᠦ ᠪᠡᠯᠡᠳᠬᠡᠭ᠍ᠰᠡᠨ ᠵᠢᠬᠢ ᠶᠢᠨ ᠴᠤᠮᠴᠤᠭ ᠤᠷᠳᠤ ᠳᠤ ᠵᠠᠯᠠᠵᠦ ᠤᠷᠤᠭᠤᠯᠤᠨ᠂ ᠬᠤᠷ ᠰᠠᠭᠠᠲᠠᠭ ᠤᠨ ᠴᠤᠮᠴᠤᠭ ᠤᠷᠳᠤ ᠶᠢ ᠪᠠᠰᠠ ᠬᠠᠰᠠᠭ ᠡᠴᠡ ᠪᠠᠭᠤᠯᠭᠠᠨ ᠬᠤᠷ ᠰᠠᠭᠠᠲᠠᠭ ᠢᠶᠡᠨ ᠳᠤᠲᠤᠷ᠎ᠠ ᠨᠢ ᠵᠠᠯᠠᠵᠦ ᠲᠠᠯᠪᠢᠳᠠᠭ᠃

    ᠨᠠᠶ᠋ᠮᠠᠨ ᠴᠠᠭᠠᠨ ᠤᠷᠳᠤ ᠶᠢ ᠭᠤᠷᠪᠠᠨ ᠰᠠᠷ᠎ᠠ ᠶᠢᠨ ᠠᠷᠪᠠᠨ ᠨᠠᠶ᠋ᠮᠠᠨ ᠳᠤ ᠵᠠᠯᠠᠬᠤ ᠡᠴᠡ ᠡᠮᠦᠨ᠎ᠠ᠂ ᠨᠡᠯᠢᠶᠠᠨ ᠬᠤᠨᠢᠨ ᠦᠳᠬᠡ ᠪᠠᠷ ᠲᠠᠶᠢᠯᠭ᠎ᠠ ᠡᠷᠭᠦᠵᠦ᠂ ᠯᠤᠤ ᠴᠠᠭ ᠲᠤ ᠵᠢᠭᠢ ᠳᠡᠭᠡᠷ᠎ᠠ ᠪᠦᠷ ᠡᠮᠦᠨᠡᠰᠢ ᠬᠠᠨᠳᠤᠨ ᠵᠢᠭᠢᠯᠡᠳᠡᠭ᠃

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠬᠦᠬᠡ ᠲᠤᠯᠪᠤ》ᠪᠦᠵᠢᠭ᠍ᠲᠤ ᠵᠦᠴᠦᠭᠡ ᠬᠦᠬᠡᠬᠤᠲᠠ ᠶᠢᠨ ᠦᠵᠡᠭ᠍ᠴᠢᠳ ᠲᠠᠢ ᠵᠤᠯᠭᠠᠯ᠎ᠠ
  • 《 ᠨᠤᠮ ᠤᠨ ᠬᠡᠰᠢᠭ᠍ᠳᠤ ᠦᠪᠦᠷ ᠮᠤᠩᠭ᠋ᠤᠯ• ᠦᠵᠡᠰᠬᠦᠯᠡᠩᠳᠤ ᠰᠠᠶᠢᠬᠠᠨ ᠦᠵᠡᠮᠵᠢ ᠶᠢᠨ ᠤᠷᠤᠨ - ᠮᠢᠨᠦ ᠮᠤᠩᠭ᠋ᠤᠯ ᠨᠤᠮ》 ᠠᠵᠢᠯᠯᠠᠭ᠎ᠠ ᠨᠡᠬᠡᠬᠡᠯᠳᠡ ᠪᠠᠨ ᠬᠢᠯ᠎ᠡ
  • ᠮᠤᠩᠭ᠋ᠤᠯ ᠰᠤᠶᠤᠯ  ᠢᠶᠡᠨ ᠳᠡᠯᠡᠬᠡᠢ ᠳ᠋ᠤ ᠲᠠᠨᠢᠭᠤᠯᠬᠤ ᠠᠤᠭ᠎ᠠ ᠵᠤᠷᠢᠯᠲᠠ ᠶᠢ ᠡᠷᠢᠯᠬᠢᠯᠡᠭᠴᠢ
  • 《ᠰᠢᠨᠬᠤᠸᠠ ᠲᠤᠯᠢ ᠪᠢᠴᠢᠭ᠌》ᠭᠢᠨᠢᠰ ᠤᠨ ᠲᠡᠮᠳᠡᠭᠯᠡᠯ ᠳᠤ ᠪᠢᠴᠢᠭᠳᠡᠯ᠎ᠡ
关闭
010070230030000000000000011120691118719087