微信打开
蒙古文网站Logo
ᠰᠢᠨᠬᠤᠸᠠ ᠮᠤᠩᠭ᠋ᠤᠯ ᠨᠧᠲ

ᠡᠷᠳᠡᠨᠢᠪᠠᠶᠠᠷ ᠭᠤᠧᠠᠢ ᠰᠢᠳᠦᠬᠡᠨᠳᠦ ᠶᠡᠬᠡ ᠤᠷᠳᠤ ᠳ᠋ᠠᠭᠠᠨ ᠲᠠᠰᠢᠭᠤᠷ ᠤᠨ ᠡᠷᠬᠦᠴᠡ ᠲᠠᠢ ᠤᠶᠠᠷᠠᠨ ᠳᠤᠭᠳᠤᠯᠵᠤ ᠢᠷᠡᠯ᠎ᠡ

2016-04-26 11:30

    ᠰᠢᠨᠬᠤᠧᠠ ᠮᠤᠩᠭᠤᠯ ᠨᠧᠲ ᠤᠷᠳᠤᠰ ᠤᠨ 4 ᠰᠠᠷ᠎ᠠ ᠶᠢᠨ 26 ᠤ ᠡᠳᠦᠷ ᠤᠨ ᠴᠠᠬᠢᠯᠭᠠᠨ ᠮᠡᠳᠡᠬᠡ (ᠬ•ᠦᠵᠡᠰᠭᠦᠯᠡᠩ᠂ ᠨᠤᠭᠤᠭᠠᠨᠲᠠᠯ᠎ᠠ) 25 ᠤ ᠡᠳᠦᠷ ᠴᠢᠩᠬᠢᠰ ᠬᠠᠭᠠᠨ ᠤ ᠤᠩᠭᠤᠨ ᠳᠤ ᠨᠠᠶ᠋ᠮᠠᠨ ᠴᠠᠭᠠᠨ ᠤᠷᠳᠤ ᠵᠢᠭᠢᠯᠡᠬᠦ ᠦᠶ᠎ᠠ ᠪᠠᠷ᠂ ᠤᠷᠳᠤᠰ ᠬᠤᠳᠠ ᠶᠢᠨ ᠦᠦᠰᠢᠨ ᠬᠤᠰᠢᠭᠤᠨ ᠤ ᠰᠦᠯᠳᠡ ᠰᠤᠮᠤ ᠶᠢᠨ ᠰᠢᠷᠳᠡᠭ ᠤᠨ ᠴᠠᠶᠢᠳᠠᠮ ᠭᠠᠴᠠᠭᠠᠨ ᠤ ᠮᠠᠯᠴᠢᠨ ᠡᠷᠳᠡᠨᠢᠪᠠᠶᠠᠷ ᠦᠪᠡᠷ ᠢᠶᠡᠨ ᠬᠢᠵᠦ ᠪᠦᠲᠦᠭᠡ᠍ᠭ᠍ᠰᠡᠨ ᠰᠤᠷ ᠲᠠᠰᠢᠭᠤᠷ ᠪᠠ ᠲᠠᠩᠰᠠᠨ ᠲᠠᠰᠢᠭᠤᠷ ᠢᠶᠡᠨ ᠡᠷᠭᠦᠨ ᠪᠠᠷᠢᠯ᠎ᠠ᠃

    ᠮᠠᠯᠴᠢᠨ ᠡᠷᠳᠡᠨᠢᠪᠠᠶᠠᠷ ᠮᠠᠨ ᠤ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠄《ᠪᠢ ᠪᠤᠯ ᠠᠷᠠᠰᠤᠨ ᠡᠳ᠋ᠯᠡᠯ ᠬᠢᠳᠡᠭ ᠬᠦᠮᠦᠨ᠃ ᠮᠠᠨ ᠤ ᠬᠢᠨ ᠲᠠᠪᠤᠨ ᠦᠶ᠎ᠠ ᠪᠠᠷ ᠢᠶᠡᠨ ᠠᠷᠠᠰᠤᠨ ᠡᠳ᠋ᠯᠡᠯ ᠬᠢᠭᠡᠳ ᠢᠷᠡᠵᠠᠢ᠃ ᠤᠶᠢᠷ᠎ᠠ ᠶᠢᠨ ᠬᠤᠶᠠᠷ ᠭᠤᠷᠪᠠᠨ ᠵᠢᠯ ᠡᠴᠡ ᠪᠢ ᠦᠪᠡᠷ ᠤᠨ ᠬᠢᠭ᠍ᠰᠡᠨ ᠠᠷᠠᠰᠤᠨ ᠲᠠᠰᠢᠭᠤᠷ ᠢᠶᠡᠨ ᠡᠵᠡᠨ ᠪᠤᠭᠳᠠ ᠳᠠᠭᠠᠨ ᠡᠷᠭᠦᠨ ᠪᠠᠷᠢᠶ᠎ᠠ ᠭᠡᠵᠦ ᠪᠤᠳᠤᠭᠰᠠᠭᠠᠷ ᠢᠷᠡᠯ᠎ᠡ᠃ ᠦᠨᠦᠳᠦᠷ ᠮᠢᠨᠦ ᠬᠦᠰᠡᠯ ᠪᠡᠶᠡᠯᠡᠭᠳᠡᠯ᠎ᠠ》 ᠭᠡᠵᠤ ᠬᠡᠯᠡᠬᠡᠳ ᠦᠪᠡᠷ ᠤᠨ ᠡᠷᠬᠡ ᠦᠬᠡᠢ ᠨᠢᠯᠪᠤᠰᠤ ᠪᠡᠨ ᠠᠷᠴᠢᠵᠤ ᠪᠠᠶᠢᠯ᠎ᠠ᠃ ᠤᠶᠢᠯᠠᠭᠠᠭᠰᠠᠨ ᠢᠶᠡᠷ᠂ ᠡᠷᠳᠡᠨᠢᠪᠠᠶᠠᠷ ᠲᠤᠰ ᠬᠤᠶᠠᠷ ᠲᠠᠰᠢᠭᠤᠷ ᠢᠶᠡᠨ ᠰᠠᠷ᠎ᠠ ᠭᠠᠷᠤᠢ ᠶᠢᠨ ᠴᠠᠭ ᠵᠠᠷᠤᠴᠠᠭᠤᠯᠤᠨ ᠬᠢᠵᠦ ᠪᠦᠲᠦᠭᠡᠵᠠᠢ᠃

    ᠤᠯᠠᠮᠵᠢᠯᠠᠯ ᠶᠠᠷᠢᠶᠠᠨ ᠳᠤ᠂ ᠨᠡᠶᠢᠳᠡ ᠶᠢᠨ ᠤᠨ ᠲᠤᠭᠠᠯᠠᠯ ᠤᠨ 1226 ᠤᠨ ᠳᠤ ᠴᠢᠩᠬᠢᠰ ᠬᠠᠭᠠᠨ ᠰᠦᠪᠡᠭᠡᠳᠡᠢ ᠵᠠᠩᠵᠤᠨ ᠢ ᠲᠤᠮᠢᠯᠠᠵᠦ ᠪᠠᠷᠠᠭᠤᠨᠰᠢ ᠳᠠᠩᠭᠤᠳ ᠢ ᠳᠠᠶᠢᠯᠠᠬᠤ ᠦᠶ᠎ᠠ ᠳᠤ᠂ ᠴᠢᠩᠭᠢᠰ ᠬᠠᠭᠠᠨ ᠪᠡᠶ᠎ᠠ ᠪᠡᠷ ᠢᠶᠡᠨ ᠲᠠᠶᠢᠨ ᠤ ᠪᠠᠶᠢᠳᠠᠯ ᠢ ᠪᠠᠶᠢᠴᠠᠭᠠᠬᠤ ᠪᠠᠷ ᠶᠠᠪᠤᠬᠤ ᠬᠡᠮᠡᠨ ᠮᠤᠷᠢᠨ ᠳᠠᠭᠠᠨ ᠮᠤᠷᠳᠠᠬᠤ ᠳᠤ᠂ ᠭᠠᠷ ᠲᠠᠭᠠᠨ ᠪᠠᠷᠢᠭᠰᠠᠨ ᠲᠠᠰᠢᠭᠤᠷ ᠢᠶᠡᠨ ᠠᠯᠳᠠᠵᠤ ᠭᠠᠵᠠᠷ ᠤᠨᠠᠭᠠᠵᠠᠢ᠃ ᠳᠠᠭᠠᠭᠰᠠᠳ ᠨᠢ ᠠᠪᠴᠤ ᠦᠭᠬᠦ ᠭᠡᠬᠦ ᠳᠤ ᠴᠢᠩᠬᠢᠰ ᠬᠠᠭᠠᠨ ᠪᠤᠯᠢᠭᠤᠯᠵᠤ᠄《ᠡᠨᠡ ᠲᠠᠰᠢᠭᠤᠷ ᠢ ᠠᠪᠬᠤ ᠬᠡᠷᠡᠭ ᠦᠭᠡᠢ᠂ ᠶᠡᠬᠡ ᠯᠡ ᠪᠤᠶᠠᠨ ᠢᠪᠡᠭᠡᠵᠦ ᠬᠡᠰᠢᠭ᠌ ᠬᠤᠷᠠᠭᠰᠠᠨ ᠭᠠᠵᠠᠷ ᠪᠤᠯᠳᠤᠭᠠᠢ !》 ᠭᠡᠳ ᠲᠠᠰᠢᠭᠤᠷ ᠢᠶᠡᠨ ᠬᠠᠶᠠᠭᠠᠳ ᠶᠠᠪᠤᠵᠠᠢ᠃

    ᠡᠷᠳᠡᠨᠢᠪᠠᠶᠠᠷ ᠭᠤᠸᠠᠢ ᠬᠠᠮᠢᠶ᠎ᠠ ᠪᠦᠬᠦᠢ ᠲᠠᠯ᠎ᠠ ᠶᠢᠨ ᠵᠦᠪᠰᠢᠶᠡᠷᠡᠯ ᠢᠶᠡᠷ᠂ ᠮᠡᠳᠡᠯᠭᠡ ᠶᠢᠨ ᠦᠮᠴᠢᠯᠡᠯ ᠳᠤ ᠬᠠᠯᠳᠠᠭᠰᠠᠨ ᠦᠭᠡᠢ ᠤᠷᠢᠳᠠᠯ ᠳᠤᠤᠷ᠎ᠠ ᠬᠢᠵᠦ ᠪᠦᠲᠦᠭᠡᠭ᠍ᠰᠡᠨ ᠬᠤᠶᠠᠷ ᠲᠠᠰᠢᠭᠤᠷ ᠢᠶᠡᠨ ᠡᠵᠡᠨ ᠪᠤᠭᠳᠠ ᠴᠢᠩᠭᠢᠰ ᠬᠠᠭᠠᠨ ᠤ ᠤᠩᠭᠤᠨ ᠰᠢᠳᠦᠬᠡᠨ ᠳᠤ ᠡᠷᠭᠦᠨ ᠪᠠᠷᠢᠭᠰᠠᠨ ᠳᠡᠭᠠᠨ ᠰᠡᠳᠬᠢᠯ ᠨᠢ ᠮᠠᠰᠢ ᠳᠤᠭᠳᠤᠯᠵᠤ᠂ ᠬᠠᠯᠠᠭᠤᠨ ᠨᠢᠯᠪᠤᠰᠤ ᠪᠡᠨ ᠬᠠᠰᠢᠵᠤ ᠳᠡᠶᠢᠯᠬᠦ ᠦᠬᠡᠢ ᠠᠰᠬᠠᠷᠠᠭᠤᠯᠵᠤ ᠪᠠᠶᠢᠯ᠎ᠠ ᠁

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠬᠦᠬᠡ ᠲᠤᠯᠪᠤ》ᠪᠦᠵᠢᠭ᠍ᠲᠤ ᠵᠦᠴᠦᠭᠡ ᠬᠦᠬᠡᠬᠤᠲᠠ ᠶᠢᠨ ᠦᠵᠡᠭ᠍ᠴᠢᠳ ᠲᠠᠢ ᠵᠤᠯᠭᠠᠯ᠎ᠠ
  • 《 ᠨᠤᠮ ᠤᠨ ᠬᠡᠰᠢᠭ᠍ᠳᠤ ᠦᠪᠦᠷ ᠮᠤᠩᠭ᠋ᠤᠯ• ᠦᠵᠡᠰᠬᠦᠯᠡᠩᠳᠤ ᠰᠠᠶᠢᠬᠠᠨ ᠦᠵᠡᠮᠵᠢ ᠶᠢᠨ ᠤᠷᠤᠨ - ᠮᠢᠨᠦ ᠮᠤᠩᠭ᠋ᠤᠯ ᠨᠤᠮ》 ᠠᠵᠢᠯᠯᠠᠭ᠎ᠠ ᠨᠡᠬᠡᠬᠡᠯᠳᠡ ᠪᠠᠨ ᠬᠢᠯ᠎ᠡ
  • ᠮᠤᠩᠭ᠋ᠤᠯ ᠰᠤᠶᠤᠯ  ᠢᠶᠡᠨ ᠳᠡᠯᠡᠬᠡᠢ ᠳ᠋ᠤ ᠲᠠᠨᠢᠭᠤᠯᠬᠤ ᠠᠤᠭ᠎ᠠ ᠵᠤᠷᠢᠯᠲᠠ ᠶᠢ ᠡᠷᠢᠯᠬᠢᠯᠡᠭᠴᠢ
  • 《ᠰᠢᠨᠬᠤᠸᠠ ᠲᠤᠯᠢ ᠪᠢᠴᠢᠭ᠌》ᠭᠢᠨᠢᠰ ᠤᠨ ᠲᠡᠮᠳᠡᠭᠯᠡᠯ ᠳᠤ ᠪᠢᠴᠢᠭᠳᠡᠯ᠎ᠡ
关闭
010070230030000000000000011120701118738570