微信打开
蒙古文网站Logo
ᠰᠢᠨᠬᠤᠸᠠ ᠮᠤᠩᠭ᠋ᠤᠯ ᠨᠧᠲ

ᠬᠦᠷᠢᠶᠠᠨ ᠭᠤᠤ ᠶᠢᠨ ᠬᠤᠪᠢᠷᠠᠯᠲᠠ ᠬᠦᠭ᠍ᠵᠢᠯᠲᠠ

2016-08-18 19:04

    ᠰᠢᠨᠬᠤᠧᠠ ᠮᠣᠩᠭᠣᠯ ᠨᠧᠲ  ᠲᠦᠩᠯᠢᠶᠤᠤ ᠶᠢᠨ 8 ᠰᠠᠷ᠎ᠠ ᠶᠢᠨ 17 ᠤ᠋ ᠡᠳᠦᠷ ᠤᠨ ᠴᠠᠬᠢᠯᠭᠠᠨ ᠮᠡᠳᠡᠭᠡ᠂ ᠬᠦᠷᠢᠶ᠎ᠠ ᠬᠤᠰᠢᠭᠤ ᠶᠢ ᠭᠠᠵᠠᠷ ᠤᠨ ᠪᠠᠶᠢᠴᠠ ᠨᠢ ᠦᠪᠡᠷᠮᠢᠴᠡ ᠂ ᠶᠢᠰᠤᠨ ᠮᠢᠩᠭ᠎ᠠ ᠶᠢᠰᠤᠨ ᠵᠠᠭᠤ ᠶᠢᠷᠢ ᠶᠢᠰᠤᠨ ᠭᠤᠤ ᠭᠠᠩᠭ᠎ᠠ  ᠲᠠᠢ ᠬᠡᠯᠴᠡᠳᠡᠭ᠃ ᠭᠡᠬᠦ ᠳᠡᠭᠡᠨ ᠭᠧᠤᠯᠤᠭᠢ ᠶᠢᠨ ᠰᠢᠯᠲᠠᠭᠠᠨ ᠵᠡᠷᠭᠡ ᠡᠴᠡ ᠪᠤᠯᠤᠭᠰᠠᠨ ᠡᠳᠡᠭᠡᠷ ᠪᠠᠶᠢᠳᠠᠯ ᠨᠢ ᠲᠤᠬᠠᠢ ᠶᠢᠨ ᠤᠷᠤᠨ ᠨᠤᠲᠤᠭ ᠤᠨ ᠬᠦᠮᠦᠰ ᠤᠨ ᠠᠮᠢᠳᠤᠷᠠᠯ ᠦᠢᠯᠡᠳᠪᠦᠷᠢᠯᠡᠯ ᠢ ᠬᠡᠴᠢᠨᠡᠨ ᠨᠦᠯᠦᠭᠡᠯᠡᠵᠤ ᠪᠠᠶᠢᠭᠰᠠᠨ ᠢ ᠪᠤᠤ ᠮᠡᠳᠡ᠃ ᠬᠦᠷᠢᠶ᠎ᠠ ᠬᠤᠰᠢᠭᠤᠨ ᠤ ᠬᠦᠷᠢᠶ᠎ᠠ ᠪᠠᠯᠭᠠᠰᠤᠨ ᠤ ᠬᠦᠷᠢᠶᠠᠨ ᠭᠤᠤ ᠭᠠᠴᠠᠭ᠎ᠠ ᠪᠤᠯ ᠭᠤᠤ ᠭᠠᠩᠭ᠎ᠠ ᠳᠦ ᠰᠠᠭᠤᠷᠢᠰᠢᠵᠤ ᠪᠠᠶᠢᠭᠰᠨ ᠡᠴᠡ ᠪᠠᠨ ᠵᠠᠰᠠᠭ ᠤᠨ ᠤᠷᠳᠤᠨ ᠤ ᠶᠠᠳᠠᠭᠤ ᠡᠴᠡ ᠠᠩᠭᠢᠵᠢᠷᠠᠭᠤᠯᠵᠤ ᠨᠡᠭᠦᠯᠭᠡᠨ ᠰᠢᠯᠵᠢᠭᠦᠯᠵᠤ ᠠᠷᠠᠳ ᠢ ᠪᠠᠶᠠᠵᠢᠭᠤᠯᠬᠤ ᠲᠦᠷᠦ ᠶᠢᠨ ᠪᠤᠳᠤᠯᠭ᠎ᠠ ᠶᠢᠨ ᠠᠴᠢ ᠪᠡᠷ ᠲᠡᠭᠷᠢ ᠭᠠᠵᠠᠷ ᠢ ᠳᠤᠩᠰᠤᠯᠭᠠᠮ᠎ᠠ ᠬᠤᠪᠢᠷᠠᠯᠲᠠ ᠰᠢᠨᠠᠴᠢᠯᠡᠯᠲᠡ ᠲᠠᠢ ᠪᠤᠯᠤᠬᠰᠠᠨ ᠭᠠᠴᠠᠭ᠎ᠠ ᠲᠤᠰᠬᠤᠨ ᠤ ᠨᠢᠭᠡ ᠪᠤᠯᠤᠨ᠎ᠠ᠃

    《2002 ᠤᠨ ᠡᠴᠡ 2008 ᠤᠨ ᠤ ᠬᠤᠭᠤᠷᠤᠨᠲᠤ᠂ ᠮᠠᠨ ᠤ ᠭᠠᠴᠠᠭ᠎ᠠ ᠶᠢ ᠨᠡᠭᠦᠯᠭᠡᠨ ᠰᠢᠯᠵᠢᠭᠦᠯᠵᠤ ᠰᠢᠨ᠎ᠠ ᠤᠷᠤᠨ ᠰᠠᠭᠤᠴᠠ ᠲᠠᠢ ᠪᠤᠯᠭᠠᠬᠤ ᠲᠦᠷᠦ ᠶᠢᠨ ᠪᠤᠳᠤᠯᠭ᠎ᠠ ᠶᠢᠨ ᠳᠠᠠᠭᠤ 206 ᠡᠷᠦᠬᠡ ᠤᠤᠯ ᠤᠨ ᠬᠠᠭᠤᠴᠢᠨ ᠠᠶᠢᠯ ᠡᠴᠡ ᠪᠡᠨ ᠤᠳᠤᠬᠠᠨ ᠤ ᠰᠢᠨ᠎ᠠ ᠪᠠᠭᠤᠴᠠ ᠳᠦ ᠨᠡᠭᠦᠵᠤ ᠢᠷᠡᠭᠰᠡᠨ ᠪᠢᠯᠡ᠃ ᠲᠤᠬᠠᠢ ᠶᠢᠨ ᠦᠶ᠎ᠡ ᠳᠦ ᠬᠠᠭᠤᠴᠢᠨ ᠠᠶᠢᠯ ᠳᠦ ᠵᠠᠮ ᠨᠡᠪᠲᠡᠷᠡᠯᠭᠡ ᠪᠦᠭᠯᠡᠭᠦᠦ ᠮᠥᠷᠲᠡᠭᠡᠨ ᠪᠤᠷᠤᠭᠠᠨ ᠬᠤᠷ᠎ᠠ ᠪᠠᠭᠤᠪᠠᠯ ᠠᠶᠢᠯ ᠤᠨ ᠤᠯᠠᠨ ᠲᠦᠮᠡᠨ ᠬᠦᠷᠵᠡ ᠪᠠᠷᠢᠵᠤ ᠤᠰᠤ ᠭᠠᠳᠠᠭᠰᠢᠯᠠᠭᠤᠯᠤᠨ ᠵᠠᠮ ᠵᠠᠰᠠᠵᠤ ᠶᠠᠭᠠᠷᠠᠨ᠎ᠠ᠃ ᠨᠠᠮᠤᠷ ᠤᠨ ᠲᠠᠷᠢᠶ᠎ᠠ ᠬᠤᠷᠢᠶᠠᠬᠤ ᠳᠦ ᠨᠠᠭᠠᠰᠢ ᠴᠠᠭᠠᠰᠢ ᠶᠠᠪᠤᠬᠤ ᠳᠦ ᠳᠦᠭᠦᠮ ᠦᠭᠡᠢ  ᠲᠡᠭᠡᠷ᠎ᠠ ᠪᠡᠨ ᠵᠠᠬ᠎ᠠ ᠵᠡᠭᠡᠯᠢ ᠲᠠᠢ ᠬᠠᠷᠢᠯᠴᠠᠬᠤ ᠳᠦ ᠬᠦᠴᠢᠷ ᠵᠡᠷᠭᠡ ᠤᠯᠠᠨ ᠲᠠᠯ᠎ᠠ ᠶᠢᠨ ᠠᠰᠢᠭ ᠦᠭᠡᠢ ᠨᠦᠬᠦᠴᠡᠯ ᠪᠠᠶᠢᠭᠰᠠᠨ 》ᠭᠡᠵᠤ ᠬᠦᠷᠢᠶᠡᠨ ᠭᠤᠤ ᠭᠠᠴᠠᠭᠠᠨ ᠤ ᠨᠠᠮ ᠤᠨ ᠡᠭᠦᠷ ᠤᠨ ᠱᠦᠵᠢ ᠡᠷᠳᠡᠮᠲᠤ ᠶᠠᠷᠢᠨ᠎ᠠ᠃

    ᠶᠠᠳᠠᠭᠤ ᠬᠦᠷᠳᠡᠯᠲᠡᠢ ᠡᠨᠡᠬᠦ ᠭᠠᠴᠠᠭ᠎ᠠ ᠨᠢ ᠨᠠᠮ ᠵᠠᠰᠠᠭ ᠤᠨ ᠬᠠᠯᠠᠭᠤᠨ ᠳᠡᠮᠵᠢᠯᠭᠡ ᠪᠡ ᠭᠠᠴᠠᠭᠠᠨ ᠵᠦᠪᠯᠡᠯ ᠤᠨ ᠵᠥᠪ ᠤᠳᠤᠷᠢᠳᠤᠯᠭ᠎ᠠ ᠪᠡᠷ 6 ᠵᠢᠯ ᠭᠠᠷᠤᠢ ᠶᠢᠨ ᠴᠠᠭ ᠵᠠᠷᠤᠴᠠᠭᠤᠯᠵᠤ ᠪᠦᠬᠦᠨ ᠢᠶᠡᠷ ᠢᠶᠡᠨ ᠬᠠᠭᠤᠴᠢᠨ ᠠᠶᠢᠯ ᠡᠴᠡ ᠪᠡᠨ 6 ᠭᠠᠵᠠᠷ ᠤᠨ ᠵᠠᠶᠢᠲᠠᠢ ᠤᠳᠤ ᠶᠢᠨ ᠰᠢᠨ᠎ᠡ ᠪᠠᠭᠤᠴᠠᠨ ᠳᠡᠭᠠᠨ ᠨᠡᠭᠦᠵᠤ ᠰᠢᠯᠵᠢᠪᠡ᠃ ᠴᠡᠪᠡᠷ ᠲᠤᠬᠢᠯᠢᠭ ᠰᠢᠨ᠎ᠡ ᠸᠠᠭᠠᠷ ᠲᠤᠭᠤᠰᠬᠠᠨ ᠭᠡᠷ ᠪᠠᠷᠢᠵᠤ ᠦᠭ᠍ᠭᠦᠯ᠎᠎ᠡ᠂ ᠡᠷᠦᠬᠡ ᠪᠦᠷᠢ ᠳᠦ 10 ᠡᠮ᠎ᠡ ᠬᠤᠨᠢ᠂ 1 ᠦᠨᠢᠶ᠎ᠡ ᠦᠭᠴᠤ ᠠᠳᠠᠯ ᠠᠮᠢᠳᠤᠷᠠᠯ ᠳᠤ ᠨᠢ ᠨᠡᠮᠡᠷᠢ ᠪᠤᠯᠭᠠᠬᠤ ᠶᠢ ᠵᠤᠷᠢᠵᠠᠢ᠃ 2014 ᠤᠨ ᠡᠴᠡ 《 ᠠᠷᠪᠠ ᠶᠢ ᠪᠦᠷᠬᠦᠭᠦᠯᠬᠦ ᠢᠨᠵᠧᠨᠧᠷᠢᠩ 》 ᠤᠨ ᠲᠦᠭᠡᠮᠡᠯᠵᠢᠭᠦ ᠶᠢ ᠳᠠᠭᠠᠯᠳᠤᠨ ᠤᠳᠤ ᠪᠤᠯᠬᠤ ᠳᠦ ᠰᠠᠶᠢᠬᠠᠨ ᠲᠠᠷᠳᠠᠩ ᠵᠠᠮ ᠲᠠᠢ᠂ ᠰᠠᠷᠠᠭᠤᠯ ᠲᠤᠬᠢᠯᠢᠭ ᠭᠡᠷ ᠥᠷᠦᠭᠡ ᠲᠠᠢ ᠢᠵᠢ ᠪᠦᠷᠢᠳᠦᠭᠰᠡᠨ ᠬᠦᠷᠢᠶ᠎ᠠ ᠬᠠᠰᠢᠶ᠎ᠠ᠂ ᠮᠠᠯ ᠤᠨ ᠬᠤᠷᠤᠭ᠎ᠠ᠂ ᠪᠤᠷᠳᠤᠭᠠᠨ ᠤ ᠵᠤᠭᠤᠷᠢ᠂ ᠵᠤᠭ᠎ᠠ ᠰᠡᠯᠡᠭᠦᠴᠡᠯ ᠤᠨ ᠠᠭᠤᠳᠠᠮ ᠲᠠᠯᠠᠪᠠᠢ ᠲᠠᠢ ᠪᠤᠯᠵᠤ᠂ ᠲᠠᠷᠢᠶᠠᠴᠢᠳ ᠮᠠᠩᠨᠠᠢ ᠲᠡᠨᠢᠭᠡᠷ ᠬᠦᠭ᠍ᠵᠢᠯᠲᠤ ᠢᠷᠡᠭᠡᠳᠦᠢ ᠪᠡᠨ ᠤᠭᠲᠤᠨ᠎ᠠ᠃ 《ᠤᠳᠤᠬᠠᠨ ᠤ ᠠᠮᠢᠳᠤᠷᠠᠯ ᠤᠨ ᠲᠦᠪᠰᠢᠨ ᠤᠤᠯ ᠤᠨ ᠬᠢ ᠲᠠᠢ ᠬᠠᠷᠢᠴᠠᠭᠤᠯᠬᠤ ᠶᠢᠨ ᠠᠷᠭ᠎ᠠ ᠦᠭᠡᠢ᠂ ᠬᠦᠯᠦᠰᠢᠨ ᠤᠨᠤᠭ᠎ᠠ ᠦᠨᠳᠦᠰᠦᠨ ᠳᠡᠭᠡᠨ ᠦᠭᠡᠢ ᠪᠤᠯᠵᠤ᠂ ᠮᠠᠰᠢᠨ ᠲᠡᠷᠭᠡ ᠤᠯᠠᠰᠢᠷᠠᠵᠤ ᠵᠠᠮ ᠬᠠᠷᠢᠯᠴᠠᠭ᠎ᠠ ᠰᠠᠶᠢᠵᠢᠷᠠᠭᠰᠠᠨ ᠡᠴᠡ ᠵᠠᠬ᠎ᠠ ᠵᠡᠭᠡᠯᠢ ᠴᠤ ᠤᠶᠢᠷᠬᠠᠨ ᠪᠤᠯᠤᠭᠰᠠᠨ ᠰᠢᠬ ᠰᠠᠨᠠᠭᠳᠠᠬᠤ ᠶᠤᠮ᠃ ᠬᠠᠭᠤᠴᠢᠨ ᠠᠶᠢᠯ  ᠳᠦ ᠪᠠᠶᠢᠬᠤ ᠳᠦ ᠮᠠᠰᠢᠨ ᠲᠡᠷᠭᠡ ᠤᠷᠤᠵᠤ ᠲᠠᠶᠢᠯᠬᠦ ᠦᠭᠡᠢ ᠠᠮᠢᠳᠤᠷᠠᠯ ᠦᠢᠯᠡᠳᠪᠦᠷᠢᠯᠡᠯ ᠳᠦ ᠶᠡᠬᠡ ᠰᠠᠭᠠᠳ ᠪᠤᠯᠵᠤ᠂ ᠭᠡᠷ ᠤᠨ ᠲᠡᠵᠢᠭᠡᠪᠦᠷᠢ ᠪᠡᠨ ᠬᠤᠳᠠᠯᠳᠤᠬᠤ ᠳᠦ ᠴᠤ ᠬᠡᠴᠡᠭᠦᠳᠡᠵᠤ ᠪᠠᠶᠢᠭᠰᠠᠨ》 ᠭᠡᠵᠤ ᠠᠬᠠᠮᠠᠳ ᠨᠠᠮ ᠤᠨ ᠭᠡᠰᠢᠭᠦᠨ ᠵᠢᠯᠦᠨᠪᠠᠶᠠᠷ ᠶᠠᠷᠢᠨ᠎ᠠ᠃

    ᠬᠦᠷᠢᠶᠡᠨ ᠭᠤᠤ ᠭᠠᠴᠠᠭᠠᠨ ᠤ ᠬᠤᠪᠢᠷᠠᠯᠲᠠ ᠬᠦᠭ᠍ᠵᠢᠯᠲᠡ ᠶᠢᠨ ᠪᠠᠶᠢᠳᠠᠯ ᠢ ᠵᠢᠷᠤᠭ ᠢᠶᠡᠷ ᠲᠠ ᠪᠦᠬᠦᠨ ᠳᠡᠭᠡᠨ ᠬᠠᠷᠠᠭᠤᠯᠤᠯ᠎ᠠ᠂ ᠲᠠᠭᠠᠯᠠᠨ ᠪᠤᠯᠭᠤᠮᠤ!( ᠰᠢᠨᠬᠤᠧᠠ ᠮᠣᠩᠭᠣᠯ ᠨᠧᠲ ᠤᠨ ᠬ・ᠦᠵᠡᠰᠭᠦᠯᠡᠩ᠂ ᠪᠠᠢ ᠯᠢᠩ ᠳ᠋ᠢ᠂ ᠲᠦᠩᠯᠢᠶᠤᠤ ᠷᠠᠳ᠋ᠢᠣ᠋ ᠲᠧᠯᠧᠢᠰ ᠬᠤᠷᠢᠶᠠᠨ ᠤ ᠮᠣᠩᠭᠣᠯ ᠶᠡᠷᠦᠩᠬᠡᠶᠢᠯᠡᠭᠰᠡᠨ ᠷᠠᠳᠢᠣ᠋ ᠶᠢᠨ ᠴᠠᠯᠡᠭᠡᠷ ᠮᠡᠳᠡᠭᠡᠯᠡᠪᠡ)

ᠢᠷᠡᠯᠳᠡ᠄ ᠰᠢᠨᠬᠤᠧᠠ ᠮᠣᠩᠭᠣᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠣᠩᠭ᠋ᠤᠯ ᠤᠨ ᠬᠠᠮᠪᠤ ᠶᠢᠨ ᠡᠷᠳᠡᠨ ᠤ ᠪᠠᠭᠤᠷᠢ ᠶᠢᠨ ᠴᠡᠴᠡᠷᠯᠢᠭ᠌ ᠨᠡᠬᠡᠬᠡᠯᠳᠡ ᠪᠠᠨ ᠬᠢᠯ᠎ᠠ
  • ᠪᠠᠷ ᠵᠢᠷᠤᠭ  ᠶᠢᠡᠷ ᠶᠢᠡᠨ ᠪᠠᠬᠠᠷᠬᠠᠵᠤ ᠶᠠᠪᠤᠭ᠎ᠠ ᠥᠲᠡᠭᠦᠰ
  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
  • ᠮᠤᠨᠭᠭᠤᠯ ᠤᠯᠤᠰ ᠤᠨ ᠺᠠᠷᠲ᠋ᠤᠨ ᠬᠡᠤᠬᠡᠯᠳᠡᠢ ᠨᠤᠮ《ᠴᠢᠩᠬᠢᠰ ᠬᠠᠭᠠᠨ》ᠮᠤᠨᠭᠭᠤᠯ ᠬᠢᠳᠠᠳ ᠪᠢᠴᠢᠭ᠌ ᠢᠶᠡᠷ ᠬᠡᠪᠯᠡᠭᠳᠡᠨ ᠤᠩᠰᠢᠭᠴᠢᠳ ᠲᠠᠢ ᠵᠤᠯᠭᠠᠯ᠎ᠠ
关闭
010070230030000000000000011100001119418187