微信打开
蒙古文网站Logo
ᠰᠢᠨᠬᠤᠸᠠ ᠮᠤᠩᠭ᠋ᠤᠯ ᠨᠧᠲ

ᠭᠤᠷᠯᠤᠰ ᠨᠤᠲᠤᠭ ᠲᠤ ᠰᠦᠨᠲᠡᠷᠯᠡᠭᠰᠡᠨ ᠪᠤᠭᠲᠠ ᠡᠵᠡᠨ ᠴᠢᠩᠬᠢᠰ ᠬᠠᠭᠠᠨ ᠤ ᠱᠤᠭᠤᠮᠠᠯ

2016-09-09 17:39

    ᠰᠢᠨᠬᠤᠸᠠ ᠮᠤᠩᠭ᠋᠋ᠤᠯ ᠨᠧᠲ  ᠬᠦᠬᠡᠬᠤᠲᠠ ᠶᠢᠨ 9 ᠰᠠᠷ᠎ᠠ ᠶᠢᠨ 8 ᠤ ᠡᠲᠦᠷ ᠤᠨ ᠴᠠᠬᠢᠯᠭᠠᠨ ᠮᠡᠲᠡᠭᠡ ᠭᠢᠷᠢᠨ ᠮᠤᠵᠢ ᠶᠢᠨ ᠡᠮᠦᠨᠡᠲᠦ ᠭᠤᠷᠯᠤᠰ ᠤᠨ ᠮᠤᠩᠭ᠋᠋ᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ ᠰᠢᠨ᠎ᠡ ᠪᠡᠷ ᠪᠠᠢᠢᠭᠤᠯᠤᠭᠰᠠᠨ ᠬᠤᠲᠠ ᠲᠤᠭᠤᠷᠢᠭ ᠲᠤ ᠪᠠᠢᠢᠷᠢᠯᠠᠭ᠎ᠠ ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠦᠪᠡᠷᠮᠢᠴᠡ ᠤᠨᠴᠠᠯᠢᠭ ᠶᠢᠡᠷ ᠶᠢᠡᠨ ᠬᠤᠯᠠ ᠤᠢᠢᠷ᠎ᠠ ᠶᠢᠨ ᠵᠢᠭᠤᠯᠴᠢᠯᠠᠭᠴᠢᠳ ᠤᠨ ᠠᠩᠬᠠᠷᠤᠯ ᠢ ᠲᠠᠲᠠᠵᠤ ᠪᠠᠢᠢᠯ᠎ᠠ᠃

    ᠤᠢᠢᠯᠠᠭᠠᠭᠰᠠᠨ ᠶᠢᠡᠷ᠂ ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠢ 2012 ᠤᠨ ᠤ 3 ᠰᠠᠷ᠎ᠠ ᠡᠴᠡ ᠪᠠᠷᠢᠯᠭ᠎ᠠ ᠡᠬᠢᠯᠡᠭᠦᠯᠵᠦ᠂ 2013 ᠤᠨ ᠤ 9 ᠰᠠᠷ᠎ᠠ ᠳ᠋ᠤ ᠠᠰᠢᠭᠯᠠᠯᠲᠠ ᠳ᠋ᠤ ᠤᠷᠤᠭᠤᠯᠵᠠᠢ᠃ 17 ᠠᠮᠠᠷᠠᠨ ᠰᠡᠯᠡᠬᠦᠴᠡᠬᠦ ᠲᠠᠯᠠᠪᠠᠢ᠂ 19 ᠬᠦᠬᠦᠷᠭᠡ᠂ 999 ᠮᠦ ᠲᠠᠯᠠᠪᠠᠢ ᠲᠠᠢ ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠨᠢ 666 ᠲᠤᠨ ᠤ ᠬᠦᠨᠳᠦ ᠲᠠᠢ ᠡᠵᠡᠨ ᠪᠤᠭᠲᠠ ᠴᠢᠩᠬᠢᠰ ᠬᠠᠭᠠᠨ ᠤ ᠱᠤᠭᠤᠮᠠᠯ ᠲᠠᠢ ᠪᠡᠷ ᠶᠢᠡᠨ ᠤᠨᠴᠠᠯᠠᠭᠲᠠᠨ᠎ᠠ᠃ ᠤᠶᠢᠯᠠᠭᠠᠭᠰᠠᠨ ᠶᠢᠡᠷ᠂ ᠡᠵᠡᠨ ᠪᠤᠭᠲᠠ ᠴᠢᠩᠬᠢᠰ ᠬᠠᠭᠠᠨ ᠤ ᠱᠤᠭᠤᠮᠠᠯ ᠢ 2011 ᠤᠨ ᠤ 5 ᠰᠠᠷ᠎ᠠ ᠶᠢᠨ 22 ᠤᠨ ᠡᠲᠦᠷ ᠡᠨᠲᠡ ᠵᠠᠯᠠᠵᠠᠢ᠃ ᠱᠤᠭᠤᠮᠠᠯ ᠤᠨ ᠦᠨᠳᠦᠷ ᠨᠢ 22 ᠮᠧᠲ᠋ᠷ᠂ 666 ᠲᠤᠨ ᠬᠦᠨᠳᠦ᠂ ᠦᠨᠳᠦᠷ ᠶᠢᠡᠷ ᠶᠢᠡᠨ ᠲᠡᠯᠡᠬᠡᠢ ᠳ᠋ᠤ ᠲᠡᠷᠢᠭᠦᠯᠡᠬᠦ ᠴᠢᠩᠬᠢᠰ ᠬᠠᠭᠠᠨ ᠤ ᠡᠨᠡᠬᠦ ᠪᠤᠰᠤᠭ᠎ᠠ ᠱᠤᠭᠤᠮᠠᠯ ᠨᠢ ᠤᠲᠤᠲᠠᠢ ᠲᠡᠭᠷᠢ ᠤᠷᠴᠢᠵᠤ᠂ ᠤᠯᠠᠨ ᠤᠯᠤᠰ ᠪᠠᠢᠢᠯᠲᠤᠵᠤ᠂ ᠤᠷᠤᠨ ᠳ᠋ᠠᠭᠠᠨ ᠤᠨᠲᠠᠬᠤ ᠵᠠᠪ ᠦᠭᠡᠢ᠂ ᠤᠯᠵᠠᠯᠠᠨ ᠪᠤᠯᠢᠶᠠᠯᠲᠤᠵᠤ ᠪᠠᠢᠢᠭᠰᠠᠨ ᠤᠷᠤᠭ᠎ᠠ ᠪᠤᠰᠬᠠᠭ᠎ᠠ ᠴᠠᠭ ᠢ ᠲᠦᠪᠰᠢᠳᠭᠡᠨ᠂ ᠢᠰᠡᠭᠡᠢ ᠲᠤᠭᠤᠷᠭᠠᠲᠠᠨ ᠢ ᠨᠢᠭᠡᠳᠭᠡᠭ᠍ᠰᠡᠨ 44 ᠨᠠᠰᠤᠲᠠᠢ ᠲᠡᠮᠦᠵᠢᠨ ᠤ ᠤᠨᠤᠨ ᠮᠦᠷᠡᠨ ᠤ ᠬᠦᠪᠡᠭᠡᠨ ᠳ᠋ᠤ ᠴᠢᠩᠬᠢᠰ ᠬᠠᠭᠠᠨ ᠡᠷᠭᠦᠮᠵᠢᠯᠡᠭᠲᠡᠬᠦ ᠦᠶ᠎ᠠ ᠶᠢᠨ ᠰᠦᠷ ᠵᠢᠪᠬᠤᠭ᠎ᠠ ᠪᠡᠷ ᠱᠤᠭᠤᠵᠦ ᠪᠦᠲᠦᠭᠡᠭ᠍ᠲᠡᠭᠰᠡᠨ ᠪᠠᠢᠢᠲᠠᠭ᠃ ᠱᠤᠭᠤᠮᠠᠯ ᠤᠨ ᠰᠠᠭᠤᠷᠢ ᠶᠢᠨ ᠤᠷᠳᠤ ᠨᠢ13 ᠮᠧᠲ᠋ᠷ᠂ ᠦᠷᠭᠡᠨ ᠨᠢ 9 ᠮᠧᠲ᠋ᠷ᠂ ᠦᠨᠳᠦᠷ ᠨᠢ1.6 ᠮᠧᠲ᠋ᠷ᠂ ᠲᠠᠯ᠎ᠠ ᠪᠦᠷᠢ ᠳ᠋ᠤᠨᠢ ᠠᠭᠤᠯᠭ᠎ᠠ ᠪᠦᠷᠢᠨ᠂ ᠵᠢᠪᠬᠤᠭ᠎ᠠ ᠰᠦᠷᠯᠢᠭ᠌᠌᠂ ᠤᠷᠠᠯᠢᠭᠴᠢ ᠴᠢᠨᠠᠷ ᠪᠠ ᠮᠡᠲᠡᠯᠭᠡᠲᠦ ᠴᠢᠨᠠᠷ ᠢ ᠤᠶᠠᠯᠲᠤᠭᠤᠯᠤᠭᠰᠠᠨ᠂ ᠦᠰᠦᠭ ᠵᠢᠷᠤᠭ ᠢ ᠬᠤᠤᠰᠯᠠᠭᠤᠯᠤᠭᠰᠠᠨ ᠰᠡᠢᠢᠯᠦᠮᠡᠯ ᠶᠢᠡᠷ ᠱᠤᠭᠤᠮᠠᠯ ᠤᠨ ᠡᠴᠢᠨ᠎ᠡ ᠲᠡᠯᠲᠡ ᠲᠡᠦᠬᠡ ᠰᠤᠶᠤᠯ ᠢ ᠤᠯᠠᠨ ᠳ᠋ᠤ ᠬᠠᠷᠠᠭᠤᠯᠤᠭᠰᠠᠨ ᠪᠠᠢᠢᠲᠠᠭ᠃

    ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠤᠨ ᠬᠠᠮᠢᠶᠠᠷᠤᠯᠲᠠ ᠶᠢᠨ ᠭᠠᠵᠠᠷ ᠤᠨ ᠡᠷᠬᠢᠯᠡᠭᠴᠢ ᠢᠯᠴᠢ᠄ 《 ᠮᠠᠨ ᠤ ᠬᠦᠷᠢᠶᠡᠯᠡᠩ ᠤᠨ ᠵᠠᠭᠪᠤᠷ ᠶᠠᠭ ᠯᠡ ᠲᠦᠯᠬᠢᠭᠦᠷ ᠰᠢᠭ᠌᠂ ᠪᠠᠰᠠ ᠡᠷᠲᠡᠨᠢᠰ ᠤᠨ ᠯᠤᠩᠬᠤ ᠰᠢᠬ ᠦᠯᠵᠡᠢ ᠬᠡᠢᠢᠮᠤᠷᠢ ᠶᠢ ᠪᠡᠯᠭᠡᠲᠡᠭᠰᠡᠨ ᠶᠤᠮ᠃ ᠬᠦᠷᠢᠶᠡᠯᠡᠩ ᠳ᠋ᠤ ᠮᠤᠩᠭ᠋᠋ᠤᠯ ᠦᠨ ᠤ ᠲᠡᠦᠬᠡ ᠰᠤᠶᠤᠯ ᠪᠠ ᠮᠤᠩᠭ᠋᠋ᠤᠯ ᠦᠨᠳᠦᠰᠦᠲᠡᠨ ᠤ ᠰᠤᠶᠤᠯ ᠤᠷᠠᠯᠢᠭ ᠤᠨ ᠦᠵᠡᠭᠦᠯᠦᠯᠭᠡ ᠶᠢᠨ ᠲᠤᠭᠤᠷᠢᠭ ᠲᠠᠢ᠂ ᠬᠦᠷᠦᠭ ᠱᠤᠭᠤᠮᠠᠯ ᠵᠡᠷᠭᠡ ᠪᠠᠷᠢᠯᠭ᠎ᠠ ᠵᠠᠭᠪᠤᠷ ᠤᠨ ᠬᠡᠯᠪᠡᠷᠢ ᠪᠡᠷ ᠮᠤᠩᠭ᠋᠋ᠤᠯ ᠦᠨᠳᠦᠰᠦᠲᠡᠨ ᠤ ᠲᠡᠦᠬᠡ ᠰᠤᠶᠤᠯ᠂ ᠪᠠᠢᠢᠭᠠᠯᠢ ᠤᠷᠴᠢᠨ᠂ ᠵᠠᠩ ᠲᠠᠳᠬᠠᠯ ᠢ ᠬᠠᠷᠠᠭᠤᠯᠬᠤ ᠶᠢ ᠵᠤᠷᠢᠭᠰᠠᠨ ᠶᠤᠮ᠃ ᠡᠭᠦᠨ ᠳ᠋ᠤ ᠴᠢᠩᠬᠢᠰ ᠬᠠᠭᠠᠨ ᠤ ᠱᠤᠭᠤᠮᠠᠯ ᠢ ᠮᠤᠩᠭ᠋᠋ᠤᠯ ᠤᠯᠤᠰ ᠤᠨ ᠦᠨᠳᠦᠰᠦᠨ ᠤ ᠤᠷᠠᠨ ᠵᠢᠷᠤᠭ ᠤᠨ ᠭᠠᠯᠧᠷᠠᠢ ᠢᠢᠨ ᠲᠠᠷᠤᠭ᠎ᠠ ᠠᠭᠰᠠᠨ ᠴ• ᠸᠴᠢᠷ ᠭᠤᠸᠠᠢ ᠪᠡᠷ ᠠᠬᠠᠯᠠᠭᠤᠯᠤᠭᠰᠠᠨ ᠲᠤᠰᠬᠠᠢ ᠮᠡᠷᠭᠡᠵᠢᠯᠲᠡᠳ ᠵᠡᠬᠦᠨ ᠭᠠᠷ ᠶᠢᠡᠨ ᠲᠡᠭᠡᠭ᠍ᠰᠢ ᠡᠷᠭᠦᠵᠦ᠂ ᠪᠠᠷᠠᠭᠤᠨ ᠭᠠᠷ ᠲᠠᠭᠠᠨ ᠴᠠᠭᠠᠵᠠ ᠶᠢᠨ ᠪᠢᠴᠢᠭ᠌ ᠪᠠᠷᠢᠭᠰᠠᠨ᠂ ᠶᠢᠰᠤᠨ ᠲᠡᠰ ᠤᠨ ᠭᠠᠵᠠᠷ ᠬᠦᠲᠡᠯᠦᠯᠲᠡ ᠳᠤ ᠲᠠᠭᠠᠭᠠᠴᠠ ᠲᠠᠢ ᠪᠡᠷ ᠤᠷᠠᠯᠠᠨ ᠲᠦᠰᠦᠪᠯᠡᠵᠡᠢ᠃ ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠤᠷᠲᠤᠨ ᠡᠴᠡ ᠴᠢᠩᠬᠢᠰ ᠬᠠᠭᠠᠨ ᠤ ᠭᠡᠭᠡᠨ ᠲᠦᠷᠢ ᠶᠢ ᠠᠯᠲᠠ ᠪᠡᠷ ᠦᠩᠭᠡᠯᠡᠪᠡ 》 ᠭᠡᠵᠦ ᠰᠢᠨᠬᠤᠸᠠ ᠮᠤᠩᠭ᠋᠋ᠤᠯ ᠨᠧᠲ ᠲᠤ ᠲᠤᠰᠬᠠᠢ ᠰᠤᠷᠪᠤᠯᠵᠢᠯᠠᠭ᠎ᠠ ᠦᠭ᠍ᠪᠡ᠃

    ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠨᠢ ᠡᠮᠦᠨᠡᠲᠦ ᠭᠤᠷᠯᠤᠰᠴᠤᠳ ᠤᠨ ᠴᠢᠩᠬᠢᠰ ᠬᠠᠭᠠᠨ ᠤ ᠲᠠᠢᠢᠯᠭ᠎ᠠ ᠲᠠᠬᠢᠯᠭ᠎ᠠ ᠶᠢᠨ ᠠᠷᠢᠭᠤᠨ ᠤᠷᠤᠨ ᠪᠤᠯᠵᠤ᠂ ᠡᠵᠡᠨ ᠪᠤᠭᠲᠠ ᠴᠢᠩᠬᠢᠰ ᠬᠠᠭᠠᠨ ᠤ ᠨᠡᠷ᠎ᠠ ᠪᠡᠷ ᠨᠡᠷᠡᠢᠢᠲᠦᠭᠲᠡᠭᠰᠡᠨ ᠤᠯᠤᠰ ᠲᠠᠶᠠᠭᠠᠷ ᠤᠨ ᠬᠠᠮᠤᠭ ᠤᠨ ᠲᠤᠮᠤ ᠭᠤᠤᠯ ᠰᠡᠳᠦᠪᠲᠦ ᠴᠡᠴᠡᠷᠯᠢᠭ᠌᠌ ᠪᠤᠯᠪᠠ᠃ 2010 ᠤᠨ ᠳ᠋ᠤ ᠡᠮᠦᠨᠡᠲᠦ ᠭᠤᠷᠯᠤᠰ ᠤᠨ ᠮᠤᠩᠭ᠋᠋ᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ 《ᠴᠢᠩᠬᠢᠰ ᠬᠠᠭᠠᠨ ᠤ ᠲᠠᠬᠢᠯᠭ᠎ᠠ》 ᠶᠢ ᠭᠢᠷᠢᠨ ᠮᠤᠵᠢ ᠶᠢᠨ ᠵᠠᠰᠠᠭ ᠤᠨ ᠤᠷᠲᠤᠨ ᠡᠴᠡ ᠮᠤᠵᠢ ᠶᠢᠨ ᠵᠡᠷᠭᠡᠯᠡᠯ ᠤᠨ ᠪᠡᠶᠡᠲᠦ ᠪᠤᠰᠤ ᠰᠤᠶᠤᠯ ᠤᠨ ᠦᠪ ᠶᠢᠡᠷ ᠪᠦᠷᠢᠳᠭᠡᠪᠡ᠃

    ᠴᠢᠩᠬᠢᠰ ᠬᠠᠭᠠᠨ ᠤ ᠰᠤᠶᠤᠯ ᠤᠨ ᠬᠦᠷᠢᠶᠡᠯᠡᠩ ᠤᠨ ᠦᠵᠡᠮᠵᠢ ᠶᠢᠨ ᠴᠠᠭ᠌

    ᠲᠠᠢᠢᠱᠠᠨ ᠠᠭᠤᠯᠠᠨ ᠤ ᠴᠢᠯᠠᠭᠤ - ᠪᠠᠰᠠ《ᠴᠢᠩᠬᠢᠰ ᠬᠠᠭᠠᠨ ᠴᠢᠯᠠᠭᠤ 》ᠭᠡᠲᠡᠭ᠃ ᠦᠨᠳᠦᠷ ᠨᠢ 3.69 ᠮᠸ᠋ᠲ᠋ᠷ᠂ 239 ᠲᠤᠨ ᠬᠦᠨᠳᠦ ᠡᠨᠡᠬᠦ ᠴᠢᠯᠠᠭᠤᠨ ᠲᠡᠭᠡᠷ᠎ᠡ《V》ᠦᠰᠦᠭ ᠲᠠᠢ᠂ ᠠᠮᠵᠢᠯᠲᠠ ᠢᠯᠠᠯᠲᠠ ᠶᠢ ᠪᠡᠯᠭᠡᠲᠡᠭ᠍ᠰᠡᠨ ᠶᠢᠡᠷ《ᠠᠮᠵᠢᠯᠲᠠ ᠶᠢᠨ ᠴᠢᠯᠠᠭᠤ》 ᠴᠤ ᠭᠡᠲᠡᠭ᠃ ᠡᠨᠡᠬᠦ ᠴᠢᠯᠠᠭᠤ ᠶᠢ ᠲᠠᠢᠢᠱᠠᠨ ᠠᠭᠤᠯᠠᠨ ᠡᠴᠡ ᠨᠡᠭᠦᠯᠭᠡᠨ ᠠᠪᠴᠢᠷᠠᠪᠠ᠂ 《ᠬᠠᠰ ᠲᠠᠦᠯᠠᠢ》᠂《ᠮᠤᠷᠢᠨ ᠬᠤᠭᠤᠷ》᠂《ᠬᠠᠲᠠᠭ》᠂《ᠪᠦᠷᠭᠦᠳ》ᠵᠡᠷᠭᠡ ᠬᠠᠲᠠᠨ ᠵᠢᠷᠤᠭ ᠨᠢᠭᠤᠭᠲᠠᠨ ᠬᠠᠷᠠᠭᠲᠠᠵᠤ ᠪᠠᠢᠢᠲᠠᠭ᠃

    ᠴᠢᠩᠬᠢᠰ ᠬᠠᠭᠠᠨ ᠨᠠᠭᠤᠷ - ᠴᠢᠩᠬᠢᠰ ᠬᠠᠭᠠᠨ ᠨᠠᠭᠤᠷ ᠰᠤᠩᠭ᠋᠋ᠠᠷᠢ ᠮᠦᠷᠡᠨ ᠲᠠᠢ ᠵᠠᠯᠭᠠᠯᠲᠤᠵᠤ᠂ ᠬᠤᠯᠤᠰᠤ ᠵᠡᠭᠡᠰᠦ᠂ ᠯᠢᠩᠬᠸ᠎ᠠ ᠴᠡᠴᠡᠭ ᠵᠡᠷᠭᠡ ᠤᠷᠭᠤᠮᠠᠯ ᠤᠷᠭᠤᠳᠠᠬ ᠢᠢᠡᠷ ᠪᠠᠷᠠᠬᠤ ᠦᠭᠡᠢ ᠬᠤᠨ ᠭᠠᠯᠠᠭᠤ ᠵᠡᠷᠭᠡ ᠤᠰᠤᠨ ᠤ ᠰᠢᠪᠠᠭᠤᠳ ᠤᠨ ᠴᠡᠩᠬᠡᠯ ᠤᠨ ᠤᠷᠤᠨ ᠪᠤᠯᠵᠠᠢ᠃

    ᠰᠠᠢᠢᠬᠠᠨ ᠭᠤᠤᠯ - ᠮᠠᠨ ᠤ ᠤᠯᠤᠰ ᠤᠨ ᠤᠲᠤᠬᠠᠨ ᠤ ᠬᠦᠮᠦᠨ ᠤ ᠬᠦᠴᠦ ᠪᠡᠷ ᠬᠤᠪᠢᠯᠭᠠᠵᠤ ᠤᠯᠠᠰᠢᠷᠠᠭᠤᠯᠤᠭᠰᠠᠨ ᠬᠠᠮᠤᠭ ᠤᠨ ᠤᠷᠲᠤ᠂ ᠬᠠᠮᠤᠭ ᠤᠨ ᠰᠠᠢᠢᠬᠠᠨ᠂ ᠬᠠᠮᠤᠭ ᠤᠨ ᠬᠠᠴᠢᠨ ᠭᠤᠤᠯ ᠪᠤᠯᠤᠨ᠎ᠠ᠃ 1730 ᠮᠧᠲ᠋ᠷ ᠤᠷᠲᠤ ᠪᠦᠬᠦᠢ ᠡᠨᠡᠬᠦ ᠭᠤᠤᠯ ᠤᠨ ᠤᠷᠤᠰᠬᠠᠯ ᠲᠠᠭᠠᠤ 8 ᠪᠤᠯᠠᠭ ᠤᠷᠬᠢᠯᠤᠵᠤ ᠪᠠᠢᠢᠲᠠᠭ᠃

    ᠴᠢᠨᠲᠠᠮᠤᠨᠢ ᠲᠠᠯᠠᠪᠠᠢ- ᠪᠠᠰᠠ ᠲᠠᠬᠢᠯᠭ᠎ᠠ ᠶᠢᠨ ᠲᠠᠯᠠᠪᠠᠢ ᠭᠡᠲᠡᠭ᠂ ᠴᠢᠨᠲᠠᠮᠤᠨᠢ ᠬᠡᠯᠪᠡᠷᠢ ᠲᠠᠢ᠃ ᠪᠤᠭᠲᠠ ᠡᠵᠡᠨ ᠳ᠋ᠡᠭᠡᠨ ᠪᠠᠷᠠᠯᠬᠠᠵᠤ᠂ ᠠᠵᠠ ᠵᠢᠷᠭᠠᠯ᠂ ᠰᠠᠢᠢᠨ ᠰᠠᠢᠢᠬᠠᠨ ᠪᠦᠬᠦᠨ ᠶᠢᠡᠨ ᠬᠦᠰᠡᠨ ᠲᠠᠭᠠᠳᠬᠠᠲᠠᠭ ᠲᠠᠯᠠᠪᠠᠢ ᠪᠤᠯᠤᠨ᠎ᠠ᠃

    ᠪᠤᠭᠲᠠ ᠠᠭᠤᠯᠠ- 16 ᠮᠧᠲ᠋ᠷ ᠦᠨᠳᠦᠷ᠂ 6 ᠲᠦᠮᠡᠨ ᠺᠦᠸᠠᠳ᠋ ᠮᠧᠲ᠋ᠷ ᠲᠠᠯᠠᠪᠠᠢ ᠪᠦᠬᠦᠢ ᠪᠤᠭᠲᠠ ᠠᠭᠤᠯᠠ ᠨᠢ ᠭᠢᠷᠢᠨ ᠮᠤᠵᠢ ᠶᠢᠨ ᠰᠦᠩᠶᠤᠸᠠᠨ ᠤᠷᠤᠨ ᠳ᠋ᠡᠬᠢ ᠬᠠᠮᠤᠭ ᠤᠨ ᠲᠤᠮᠤ ᠬᠦᠮᠦᠨ ᠤ ᠬᠦᠴᠦᠨ ᠶᠢᠡᠷ ᠵᠤᠬᠢᠶᠠᠭᠲᠠᠭᠰᠠᠨ ᠠᠭᠤᠯᠠ ᠪᠤᠯᠤᠨ᠎ᠠ᠂ 99 ᠱᠠᠲᠤ ᠦᠩᠭᠡᠷᠡᠨ ᠠᠭᠤᠯᠠ ᠶᠢᠨ ᠤᠷᠤᠢ ᠳ᠋ᠤ ᠭᠠᠷᠪᠠᠯ ᠡᠵᠡᠨ ᠪᠤᠭᠲᠠ ᠴᠢᠩᠬᠢᠰ ᠬᠠᠭᠠᠨ ᠳᠤ ᠮᠦᠷᠭᠦᠨ ᠵᠤᠯᠭᠠᠬᠤ ᠪᠤᠯᠤᠨ᠎ᠠ᠃

    (ᠰᠢᠨᠬᠤᠸᠠ ᠮᠤᠩᠭ᠋᠋ᠤᠯ ᠨᠧᠲ ᠤᠨ ᠬ•ᠦᠵᠡᠰᠭᠦᠯᠡᠩ᠂ ᠰᠤᠷᠤᠶ᠎ᠠ᠂ ᠡᠮᠦᠨᠡᠲᠦ ᠭᠤᠷᠯᠤᠰ ᠤᠨ ᠷᠠᠳᠢᠣ᠋ ᠲᠧᠯᠸᠢᠰ ᠬᠤᠷᠢᠶᠠᠨ ᠤ ᠲᠦᠪᠰᠢᠨᠵᠢᠷᠭᠠᠯ ᠮᠡᠲᠡᠭᠡᠯᠡᠪᠡ)

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠣᠩᠭ᠋ᠤᠯ ᠤᠨ ᠬᠠᠮᠪᠤ ᠶᠢᠨ ᠡᠷᠳᠡᠨ ᠤ ᠪᠠᠭᠤᠷᠢ ᠶᠢᠨ ᠴᠡᠴᠡᠷᠯᠢᠭ᠌ ᠨᠡᠬᠡᠬᠡᠯᠳᠡ ᠪᠠᠨ ᠬᠢᠯ᠎ᠠ
  • ᠪᠠᠷ ᠵᠢᠷᠤᠭ  ᠶᠢᠡᠷ ᠶᠢᠡᠨ ᠪᠠᠬᠠᠷᠬᠠᠵᠤ ᠶᠠᠪᠤᠭ᠎ᠠ ᠥᠲᠡᠭᠦᠰ
  • ᠬᠠᠰᠠᠷ ᠬᠢᠭᠡᠳ ᠬᠤᠷᠴᠢᠨ ᠤ ᠲᠡᠦᠬᠡ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠪᠤᠯᠪᠠ
  • ᠮᠤᠨᠭᠭᠤᠯ ᠤᠯᠤᠰ ᠤᠨ ᠺᠠᠷᠲ᠋ᠤᠨ ᠬᠡᠤᠬᠡᠯᠳᠡᠢ ᠨᠤᠮ《ᠴᠢᠩᠬᠢᠰ ᠬᠠᠭᠠᠨ》ᠮᠤᠨᠭᠭᠤᠯ ᠬᠢᠳᠠᠳ ᠪᠢᠴᠢᠭ᠌ ᠢᠶᠡᠷ ᠬᠡᠪᠯᠡᠭᠳᠡᠨ ᠤᠩᠰᠢᠭᠴᠢᠳ ᠲᠠᠢ ᠵᠤᠯᠭᠠᠯ᠎ᠠ
关闭
010070230030000000000000011120691119541850