新华网蒙古文网首页 | Монгол

网站导航

ᠴᠢᠩᠬᠢᠰ ᠤᠨ ᠲᠠᠬᠢᠯᠭ᠎ᠠ

ᠲᠡᠦᠬᠡ ᠰᠤᠶᠤᠯ ᠢᠶᠡᠨ ᠲᠡᠭᠡᠳᠤᠯᠠᠵᠤ ᠦᠪ ᠰᠤᠶᠤᠯ ᠢᠶᠡᠨ ᠤᠯᠠᠮᠵᠢᠯᠠᠨᠠᠮ

ᠡᠵᠡᠨ ᠴᠢᠩᠬᠢᠰ ᠤᠨ ᠲᠠᠶᠢᠯᠭ᠎ᠠ ᠶᠢᠨ ᠤᠷᠳᠤᠨ ᠪᠤᠢ ᠪᠤᠯᠵᠤ ᠲᠠᠶᠢᠯᠭ᠎ᠠ ᠲᠠᠬᠢᠯᠭ᠎ᠠ ᠶᠢᠨ ᠰᠤᠶᠤᠯ ᠪᠦᠷᠢᠯᠳᠤᠭ᠍ᠰᠡᠨ ᠤ 789 ᠵᠢᠯ ᠤᠨ ᠤᠢ᠂ ᠮᠦᠨ ᠡᠵᠡᠨ ᠴᠢᠩᠬᠢᠰ ᠤᠨ ᠤᠩᠭ᠋ᠤᠨ ᠰᠢᠳᠦᠬᠡᠨ ᠤ ᠲᠠᠶᠢᠯᠭ᠎ᠠ ᠶᠢᠨ ᠦᠢᠯᠡ ᠤᠯᠤᠰ ᠤᠨ ᠪᠡᠶᠡᠳᠤ ᠪᠤᠰᠤ ᠰᠤᠶᠤᠯ ᠤᠨ ᠦᠪ ᠪᠤᠯᠤᠭᠰᠠᠨ ᠤ 10 ᠵᠢᠯ ᠤᠨ ᠤᠢ ᠡᠨᠡ ᠤᠨ ᠳᠤ ᠲᠤᠬᠢᠶᠠᠵᠤ ᠪᠠᠶᠢᠭ᠎ᠠ ᠪᠢᠯᠡ᠃

ᠨᠡᠶᠢᠲᠡ ᠶᠢᠨ ᠤᠨ ᠲᠤᠭᠠᠯᠠᠯ ᠤᠨ 2016 ᠤᠨ ᠤ 4 ᠰᠠᠷ᠎ᠠ ᠶᠢᠨ 27 ᠪᠤᠶᠤ ᠪᠢᠯᠢᠭ᠌ ᠤᠨ ᠤᠯᠠᠷᠢᠯ ᠤᠨ ᠤᠯᠠᠭᠠᠨ ᠪᠡᠴᠢᠨ ᠵᠢᠯ ᠤᠨ 3 ᠰᠠᠷ᠎ᠠ ᠶᠢᠨ 21 ᠤ᠋ ᠡᠳᠤᠷ ᠂ ᠦᠪᠦᠷ ᠮᠤᠩᠭ᠋ᠤᠯ ᠤᠨ ᠡᠵᠡᠨ ᠬᠤᠷᠤᠭ᠎ᠠ ᠬᠤᠰᠢᠭᠤᠨ ᠳᠤ ᠪᠠᠶᠢᠷᠢᠯᠠᠬᠤ ᠴᠢᠩᠬᠢᠰ ᠤᠨ ᠤᠩᠭ᠋ᠤᠨ ᠳᠤ ᠵᠤᠬᠢᠶᠠᠨ ᠪᠠᠶᠢᠭᠤᠯᠤᠭᠳᠠᠬᠤ ᠪᠡᠷ ᠪᠠᠶᠢᠭ᠎ᠠ ᠢᠰᠡᠬᠡᠢ ᠲᠤᠭᠤᠷᠭᠠᠳᠠᠨ ᠤ ᠴᠠᠭᠠᠨ ᠰᠦᠷᠦᠭ ᠤᠨ ᠶᠡᠬᠡ ᠲᠠᠶᠢᠯᠭ᠎ᠠ ᠬᠦᠷᠴᠦ ᠢᠷᠡᠵᠤ ᠪᠠᠶᠢᠭ᠎ᠠ ᠲᠠᠰᠢᠷᠡᠮ ᠳᠤ᠂ ᠰᠢᠨᠬᠤᠸᠠ ᠮᠤᠩᠭ᠋ᠤᠯ ᠨᠧᠲ ᠨᠢ ᠴᠢᠩᠬᠢᠰ ᠤᠨ ᠤᠩᠭ᠋ᠤᠨ ᠤ ᠬᠠᠮᠢᠶᠠᠷᠤᠯᠳᠠ ᠶᠢᠨ ᠵᠦᠪᠯᠡᠯ ᠪᠤᠯᠤᠨ ᠤᠷᠳᠤᠰ ᠬᠤᠳᠠ ᠶᠢᠨ ᠷᠠᠳᠢᠤ᠋ ᠲᠧᠯᠧᠶ᠋ᠰ᠂ ᠰᠤᠨᠢᠨ᠂ ᠡᠵᠡᠨ ᠬᠤᠷᠤᠭ᠎ᠠ ᠬᠤᠰᠢᠭᠤᠨ ᠤ ᠲᠧᠯᠸᠶ᠋ᠰ ᠬᠤᠷᠢᠶ᠎ᠠ ᠵᠡᠷᠭᠡ ᠬᠡᠪᠯᠡᠯ ᠮᠡᠳᠡᠭᠡᠯᠡᠯ ᠤᠨ ᠬᠢᠨ ᠲᠠᠢ ᠬᠠᠮᠳᠤᠷᠠᠨ ᠰᠢᠨ᠎ᠠ ᠮᠡᠳᠡᠬᠡᠯᠡᠯ ᠤᠨ ᠬᠡᠷᠡᠭᠰᠡᠯ ᠪᠤᠯᠬᠤ ᠤᠳᠤᠷᠢᠳᠤᠯᠭ᠎ᠠ ᠪᠡᠷ ᠨᠢᠰᠦᠭᠴᠢ ᠶᠢ ᠠᠩᠬᠠᠯᠠᠨ ᠠᠰᠢᠭᠯᠠᠵᠤ᠂ ᠦᠷᠬᠡᠨ ᠬᠦᠷᠢᠶᠡᠨ ᠤ ᠮᠡᠳᠡᠭᠡ ᠮᠡᠳᠡᠬᠡᠯᠡᠯ ᠢ ᠲᠡᠯᠡᠬᠡᠢ ᠶᠢᠨ ᠮᠤᠩᠭ᠋ᠤᠯ ᠬᠡᠯᠡᠨ ᠤ ᠨᠧᠲ ᠰᠦᠯᠵᠢᠶ᠎ᠠ ᠠᠰᠢᠭᠯᠠᠭᠴᠢᠳ ᠲᠠᠭᠠᠨ ᠬᠦᠷᠬᠡᠬᠦ ᠪᠡᠷ ᠪᠤᠯᠤᠯ᠎ᠠ᠃

ᠡᠵᠡᠨ ᠴᠢᠩᠬᠢᠰ ᠤᠨ ᠤᠩᠭ᠋ᠤᠨ ᠰᠢᠳᠦᠬᠡᠨ ᠤ ᠡᠬᠦᠰᠴᠦ ᠬᠦᠭ᠍ᠵᠢᠭᠰᠡᠨ ᠲᠡᠦᠬᠡ᠂ ᠲᠠᠶᠢᠯᠭ᠎ᠠ ᠲᠠᠬᠢᠯᠭ᠎ᠠ ᠶᠢᠨ ᠶᠤᠰᠤᠨ᠂ ᠤᠩᠭ᠋ᠤᠨ ᠰᠠᠬᠢᠭᠴᠢ ᠲᠠᠷᠬᠠᠳ ᠤᠨ ᠦᠯᠢᠭᠡᠷ ᠲᠡᠦᠬᠡ ᠡᠴᠡ ᠠᠪᠬᠠᠭᠤᠯᠤᠭᠠᠳ ᠦᠨᠦᠳᠤᠷ ᠤᠨ ᠤᠷᠳᠤᠰ ᠬᠤᠳᠠ ᠶᠢᠨ ᠰᠤᠶᠤᠯ ᠢᠷᠭᠡᠨᠰᠢᠯ᠂ ᠠᠶᠠᠯᠠᠯ ᠵᠢᠭᠤᠯᠴᠢᠯᠠᠯ ᠪᠦᠬᠦ ᠵᠦᠢᠯ ᠦᠰᠦᠭ ᠵᠢᠷᠤᠭ᠂ ᠠᠦ᠋ᠳᠢᠤ᠋᠂ ᠸᠢᠳᠢᠤ᠋ ᠶᠢᠨ ᠬᠡᠯᠪᠡᠷᠢ ᠪᠡᠷ ᠲᠠᠨᠠᠷ ᠲᠤ ᠬᠦᠷᠬᠦ ᠪᠤᠯᠤᠨ᠎ᠠ᠃ ᠲᠠ ᠪᠦᠬᠦᠨ ᠰᠢᠨᠬᠤᠸᠠ ᠮᠤᠩᠭ᠋ᠤᠯ ᠨᠧᠲ ᠤᠨ 《ᠴᠢᠩᠬᠢᠰ ᠤᠨ ᠤᠩᠭ᠋ᠤᠨ ᠤ ᠴᠠᠭᠠᠨ ᠰᠦᠷᠦᠭ ᠤᠨ ᠲᠠᠶᠢᠯᠭ᠎ᠠ》 ᠲᠤᠰᠬᠠᠢ ᠮᠡᠳᠡᠬᠡᠯᠡᠯ ᠪᠤᠯᠤᠨ ᠠᠯᠪᠠᠨ ᠤ ᠸᠢᠴᠠᠲ ᠲᠤ ᠠᠩᠬᠠᠷᠤᠯ ᠢᠶᠡᠨ ᠬᠠᠨᠳᠤᠭᠤᠯᠤᠨ᠎ᠠ ᠦᠦ!

  • 《ᠮᠦᠩᠬᠡ ᠵᠤᠯᠠ》 ᠶ᠋ᠢᠨ ᠳᠠᠷᠬᠠᠨ ᠬᠠᠮᠠᠭᠠᠯᠠᠬᠴᠢ -- ᠴᠢᠩᠬᠢᠰ ᠬᠠᠭᠠᠨ ᠤ ᠤᠡᠭᠭᠤᠨ ᠤ ᠠᠬᠠᠮᠠᠳ ᠳᠠᠷᠬᠠᠳ ᠴᠢᠯᠠᠭᠤᠨᠪᠠᠭᠠᠳᠤᠷ  ᠤᠨ ᠳᠤᠬᠠᠢ ᠰᠤᠷᠪᠤᠯᠵᠢᠯᠠᠭ᠎ᠠ
  • ᠬᠠᠪᠤᠷ ᠤᠨ ᠤᠯᠠᠷᠢᠯ ᠤᠨ ᠴᠠᠭᠠᠨ ᠰᠦᠷᠦᠭ ᠤᠨ ᠶᠡᠬᠡ ᠲᠠᠶᠢᠯᠭ᠎ᠠ
  • 〔ᠸᠢᠳᠢᠣ᠋〕 ᠠᠭᠠᠷ ᠡᠴᠡ ᠵᠢᠷᠤᠭᠯᠠᠭᠰᠠᠨ ᠴᠢᠩᠬᠢᠰ ᠬᠠᠭᠠᠨ ᠤ ᠤᠩᠭ᠋ᠤᠨ ᠤ ᠴᠠᠭᠠᠨ ᠰᠦᠷᠦᠭ ᠤᠨ ᠶᠡᠬᠡ ᠲᠠᠶᠢᠯᠭ᠎ᠠ
  • ᠴᠢᠩᠬᠢᠰ ᠬᠠᠭᠠᠨ ᠤ ᠬᠠᠪᠤᠷ ᠤᠨ ᠤᠯᠠᠷᠢᠯ ᠤᠨ ᠴᠠᠭᠠᠨ ᠰᠦᠷᠦᠭ ᠤᠨ ᠶᠡᠬᠡ ᠲᠠᠶᠢᠯᠭ᠎ᠠ ᠦᠪᠡᠳᠡᠭᠰᠢ ᠶᠡᠬᠡᠪᠡᠷ ᠶᠠᠪᠤᠭᠳᠠᠵᠠᠢ
  • ᠦᠨᠳᠡᠬᠡᠨ ᠴᠠᠭᠠᠨ ᠤ ᠳᠠᠭᠠᠯ ᠰᠦᠷᠦᠭ ᠮᠦᠷᠬᠦᠯᠴᠢᠨ ᠤᠯᠠᠨ ᠤ ᠠᠩᠬᠠᠷᠤᠯ ᠢ ᠳᠠᠳᠠᠯ᠎ᠠ
  • 《ᠪᠡᠯᠭᠦᠳᠡᠢ》ᠨᠡᠷᠡᠮᠵᠢᠲᠦ ᠣᠷᠣᠨ ᠲᠠᠶᠠᠭᠠᠷ ᠤᠨ 512 ᠬᠦᠴᠦᠳᠦ ᠪᠥᠭᠡ ᠶᠢᠨ ᠨᠠᠭᠠᠳᠤᠮ ᠡᠬᠢᠯᠡᠯ᠎ᠡ
  • 2015 ᠬᠠᠷ᠎ᠠ ᠰᠦᠯᠳᠡ ᠶᠢᠨ ᠤᠨ ᠤ ᠶᠡᠬᠡ ᠲᠠᠬᠢᠯᠭ᠎ᠠ
  • ᠴᠢᠩᠬᠢᠰ ᠤᠨ ᠬᠠᠷᠢᠶ᠎ᠠ ᠶᠡᠭᠡᠲᠦ ᠬᠠᠷ᠎ᠠ ᠰᠦᠯᠳᠡ
ᠴᠢᠩᠬᠢᠰ ᠤᠨ ᠤᠩᠭ᠋ᠤᠨ ᠤ ᠦᠵᠡᠮᠵᠢ (ᠲᠠᠪᠤ)ᠴᠢᠩᠬᠢᠰ ᠤᠨ ᠤᠩᠭ᠋ᠤᠨ ᠤ ᠦᠵᠡᠮᠵᠢ (ᠲᠦᠷᠪᠡ)ᠴᠢᠩᠬᠢᠰ ᠤᠨ ᠤᠩᠭ᠋ᠤᠨ ᠤ ᠦᠵᠡᠮᠵᠢ (ᠭᠤᠷᠪᠠ)ᠴᠢᠩᠬᠢᠰ ᠤᠨ ᠤᠩᠭ᠋ᠤᠨ ᠤ ᠦᠵᠡᠮᠵᠢ (ᠬᠤᠶᠠᠷ)ᠴᠢᠩᠬᠢᠰ ᠤᠨ ᠤᠩᠭ᠋ᠤᠨ ᠤ ᠦᠵᠡᠮᠵᠢ (ᠨᠢᠬᠡ)ᠴᠢᠩᠬᠢᠰ ᠤᠨ ᠤᠩᠭ᠋ᠤᠨ ᠤ ᠪᠦᠬᠦ ᠦᠵᠡᠮᠵᠢ

ᠲᠤᠰ ᠨᠧᠲ ᠲᠤ ᠨᠡᠶᠢᠲᠡᠯᠡᠭᠳᠡᠭᠰᠡᠨ ᠰᠢᠨᠬᠤᠸᠠ ᠬᠤᠷᠢᠶ᠎ᠠ ᠪᠠ ᠰᠢᠨᠬᠤᠸᠠ ᠨᠧᠲ ᠤᠨ ᠪᠦᠭᠦᠶᠢᠯᠡ ᠠᠭᠤᠯᠭ᠎ᠠ ᠶᠢᠨ ᠬᠡᠪᠯᠡᠯ ᠤᠨ ᠡᠷᠭᠡ ᠨᠢ ᠰᠢᠨᠬᠤᠸᠠ ᠨᠧᠲ ᠲᠤ ᠦᠮᠴᠢᠯᠡᠭᠳᠡᠳᠡᠭ ᠪᠣᠯᠬᠤᠷ ᠬᠡᠯᠡᠯᠴᠡᠬᠡᠷ ᠢᠶᠡᠷ ᠲᠠᠮᠵᠢᠨ ᠡᠷᠬᠡ ᠤᠯᠭᠤᠭᠰᠠᠨ ᠦᠭᠡᠢ ᠪᠠᠶᠢᠳᠠᠯ ᠳᠤ ᠰᠢᠯᠵᠢᠬᠦᠯᠦᠨ ᠬᠡᠷᠡᠭᠯᠡᠬᠦ ᠶᠢ ᠬᠣᠷᠢᠭᠯᠠᠨ᠎ᠠ᠃

ᠬᠣᠯᠪᠤᠭ᠎ᠠ ᠪᠠᠷᠢᠬᠤ᠄ ᠢᠮᠧᠯ᠄ ᠰᠢᠨᠬᠤᠸᠠ ᠮᠤᠩᠭ᠋ᠤᠯ ᠨᠧᠲ

010070230030000000000000011200000000000000