微信打开
蒙古文网站Logo
ᠰᠢᠨᠬᠤᠸᠠ ᠮᠤᠩᠭ᠋ᠤᠯ ᠨᠧᠲ

ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠡᠭᠡᠨ ᠤ ᠭᠡᠰᠢᠭᠦᠨ ᠦᠷᠴᠠᠢᠢᠬᠤ ᠡᠴᠡ ᠰᠢᠨᠬᠤᠸᠠ ᠮᠤᠨᠭᠭᠤᠯ ᠨᠸᠲ ᠲᠤ ᠦᠭ᠍ᠭᠦᠭ᠍ᠰᠡᠨ ᠶᠠᠷᠢᠯᠴᠠᠯᠭ᠎ᠠ

2016-01-31 15:31

    ᠰᠢᠨᠬᠤᠸᠠ ᠮᠤᠨᠭᠭᠤᠯ ᠨᠸᠲ  ᠬᠦᠬᠡᠬᠤᠲᠠ ᠶᠢᠨ  1 ᠰᠠᠷ᠎᠎ᠠ ᠶᠢᠨ 31 ᠤ ᠡᠳᠦᠷ ᠤᠨ ᠴᠠᠬᠢᠯᠭᠠᠨ ᠮᠡᠳᠡᠭᠡ(ᠰᠠᠷᠠᠨᠲᠦᠶᠠᠭ᠎ᠠ)1 ᠰᠠᠷ᠎ᠠ ᠶᠢᠨ 28 ᠤ ᠡᠳᠦᠷ ᠤᠨ ᠦᠳᠡ ᠳᠤ᠂ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠬᠤᠶᠠᠷ ᠬᠤᠷᠠᠯ ᠰᠢᠪᠲᠤᠷᠭᠠᠨ ᠳᠤ ᠤᠷᠤᠬᠤ ᠶᠢᠨ ᠦᠶ᠎ᠡ ᠪᠡᠷ᠂ ᠠᠵᠠ ᠪᠡᠷ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠦᠪᠦᠷ ᠮᠤᠨᠭᠭᠤᠯ ᠤᠨ ᠪᠠᠬᠰᠠᠢ ᠶᠢᠨ ᠶᠡᠬᠡ ᠰᠤᠷᠭᠠᠭᠤᠯᠢ ᠶᠢᠨ ᠳᠡᠳ᠋ ᠫᠷᠤᠹᠸᠰᠰᠤᠷ ᠦᠷᠴᠠᠢᠢᠬᠤ ᠵᠢ ᠰᠤᠷᠪᠤᠯᠵᠢᠯᠠᠵᠦ ᠪᠢᠯᠡ᠃

    ᠦᠷᠴᠠᠢᠢᠬᠤ ᠪᠠᠬᠰᠢ 2013 ᠤᠨ ᠳᠤ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠡᠯᠡᠯᠭᠡᠨ ᠤ ᠭᠡᠰᠢᠭᠦᠨ ᠪᠤᠯᠵᠦ᠂ ᠬᠤᠶᠠᠷ ᠬᠤᠷᠠᠯ ᠪᠤᠯᠬᠤ ᠪᠦᠷᠢ ᠰᠤᠶᠤᠯ ᠰᠤᠷᠭᠠᠨ ᠬᠦᠮᠦᠵᠢᠯ ᠤᠨ ᠲᠠᠯ᠎ᠠ ᠪᠡᠷ ᠬᠦᠨᠳᠦᠴᠡ ᠲᠠᠢ ᠰᠠᠨᠠᠯ ᠳᠤᠷᠠᠳᠤᠯᠭ᠎ᠠ ᠵᠢ ᠳᠡᠪᠰᠢᠭᠦᠯᠳᠡᠭ ᠶᠤᠮ᠃ ᠡᠨᠡ ᠤᠳᠠᠭ᠎ᠠ ᠶᠢᠨ ᠬᠤᠷᠠᠯ ᠳᠡᠭᠡᠷ᠎ᠡ ᠪᠠᠬᠰᠢ ᠮᠠᠨᠢ ᠪᠠᠰᠠ ᠭᠤᠷᠪᠠᠨ ᠳᠤᠷᠠᠳᠤᠯᠭ᠎ᠠ ᠳᠡᠪᠰᠢᠭᠦᠯᠦᠭ᠍ᠰᠡᠨ ᠪᠠᠢᠢᠨ᠎ᠠ᠃ ᠳᠠᠷᠦᠢ᠄

    1᠂ ᠠᠵᠢᠯ ᠤᠨ ᠡᠷᠴᠢᠮ ᠢᠶᠡᠨ ᠴᠢᠨᠭᠭᠠᠷᠠᠭᠤᠯᠵᠦ᠂ 《ᠠᠷᠪᠠ ᠵᠢ ᠪᠦᠷᠬᠦᠭᠦᠯᠬᠦ》ᠠᠵᠢᠯ ᠢ ᠠᠯᠬᠤᠮ ᠳᠠᠷᠠᠭ᠎ᠠ ᠲᠠᠢ ᠲᠦᠯᠦᠪᠯᠡᠭᠡ ᠲᠠᠢ ᠶᠠᠪᠤᠭᠳᠠᠭᠤᠯᠤᠨ᠎ᠠ᠃ 《ᠠᠷᠪᠠ ᠵᠢ ᠪᠦᠷᠬᠦᠭᠦᠯᠬᠦ》 ᠤᠬᠠᠭᠤᠯᠭ᠎ᠠ ᠶᠢᠨ ᠬᠦᠴᠦᠯᠡᠴᠡ ᠪᠠᠨ ᠴᠢᠨᠭᠭᠠᠳᠬᠠᠵᠦ᠂ ᠤᠯᠠᠨ ᠲᠦᠮᠡᠨ ᠢ ᠢᠳᠡᠪᠬᠢᠲᠡᠢ ᠳᠠᠢᠢᠴᠢᠯᠠᠨ᠎ᠠ᠃
    2᠂ ᠭᠠᠳᠠᠭᠠᠳᠤ ᠲᠠᠢ ᠶᠠᠪᠤᠯᠴᠠᠬᠤ ᠬᠠᠮᠢᠶᠠᠷᠤᠯᠲᠠ ᠶᠢᠨ ᠲᠠᠯ᠎ᠠ ᠪᠡᠷ ᠲᠦᠷᠢᠮᠵᠢᠯ ᠢ ᠳᠤᠪᠤᠢᠢᠯᠭᠠᠬᠤ ᠶᠢᠨ ᠳᠠᠭᠠᠤ ᠠᠮᠢᠳᠤᠯᠢᠬ ᠪᠠᠢᠢᠬᠤ ᠵᠢ ᠬᠢᠴᠢᠶᠡᠵᠦ᠂ ᠤᠯᠤᠰ ᠤᠨ ᠬᠤᠭᠤᠷᠤᠨᠳᠤᠬᠢ ᠬᠠᠷᠢᠯᠴᠠᠭ᠎ᠠ ᠵᠢ ᠠᠬᠢᠭᠤᠯᠤᠨ᠎ᠠ᠃
    3᠂ ᠬᠦᠳᠡᠭᠡ ᠲᠤᠰᠬᠤᠨ ᠦᠨᠳᠦᠰᠦᠨ ᠱᠠᠲᠤᠨ ᠳᠤ ᠮᠤᠨᠭᠭᠤᠯ ᠴᠡᠴᠡᠷᠯᠢᠭ᠌᠌ ᠪᠠᠢᠢᠭᠤᠯᠬᠤ ᠵᠢ ᠡᠷᠴᠢᠮᠲᠡᠢ ᠶᠠᠪᠤᠬᠳᠠᠭᠤᠯᠤᠨ᠎ᠠ᠃

    ᠲᠡᠷᠡᠪᠡᠷ ᠶᠠᠷᠢᠬᠤ ᠳ᠋ᠠᠭᠠᠨ᠄《〈ᠠᠷᠪᠠ ᠵᠢ ᠪᠦᠷᠬᠦᠭᠦᠯᠬᠦ〉ᠢᠨᠵᠧᠨ᠋ᠧᠷᠢᠩ ᠪᠤᠯ ᠠᠷᠠᠤᠠ ᠢ ᠲᠤᠰᠠᠯᠠᠬᠤ ᠲᠤᠮᠤ ᠢᠨᠵᠧᠨ᠋ᠸᠷᠢᠩ ᠮᠦᠨ᠃ ᠰᠢᠨ᠎ᠡ ᠬᠦᠳᠡᠭᠡ ᠲᠤᠰᠬᠤᠨ ᠢ ᠪᠠᠢᠢᠭᠤᠯᠤᠨ᠂ ᠠᠷᠠᠳ ᠤᠨ ᠠᠮᠢᠳᠤᠷᠠᠯ ᠢ ᠪᠠᠶᠠᠯᠢᠬᠵᠢᠭᠤᠯᠬᠤ ᠠᠰᠢᠬᠲᠠᠢ ᠠᠵᠢᠯᠯᠠᠭ᠎ᠠ ᠮᠦᠨ᠃ ᠭᠡᠪᠡᠴᠦ ᠡᠨᠡᠬᠦ ᠢᠨᠵᠸᠨ᠋ᠸᠷᠢᠩ ᠢ ᠠᠵᠢᠯᠯᠠᠭᠤᠯᠵᠦ᠂ ᠠᠷᠭ᠎ᠠ ᠪᠤᠳᠤᠯᠭ᠎ᠠ ᠵᠢ ᠨᠠᠢᠢᠳᠠᠪᠤᠷᠢᠵᠢᠭᠤᠯᠬᠤ ᠦᠶ᠎ᠡ ᠳᠤ ᠵᠠᠷᠢᠮ ᠭᠠᠵᠠᠷ ᠤᠷᠤᠨ ᠳᠤ᠂ ᠺᠠᠳ᠋ᠷ ᠠᠵᠢᠯᠲᠠᠳ ᠪᠠ ᠦᠷᠭᠡᠨ ᠲᠦᠮᠡᠨ ᠤ ᠬᠤᠭᠤᠷᠤᠨᠳᠤ ᠤᠢᠢᠯᠠᠭᠠᠯᠴᠠᠭ᠎ᠠ ᠳᠤᠲᠠᠵᠦ᠂ ᠡᠨᠡᠬᠦ ᠲᠤᠮᠤ ᠢᠨᠵᠸᠨ᠋ᠸᠷᠢᠩ ᠤᠨ ᠵᠤᠷᠢᠬ ᠰᠠᠨᠠᠭ᠎ᠠ ᠵᠢ ᠦᠨᠡᠨᠬᠦ ᠪᠠᠳᠠᠷᠠᠭᠤᠯᠵᠦ ᠴᠢᠳᠠᠬᠰᠠᠨ ᠦᠭᠡᠢ᠂ ᠵᠠᠷᠢᠮ ᠨᠢ ᠴᠢᠨᠠᠬᠰᠢᠯᠠᠭᠠᠳ ᠦᠩᠭᠡᠪᠴᠢ ᠠᠵᠢᠯ ᠪᠤᠯᠵᠦ᠂ ᠠᠷᠠᠳ ᠤᠨ ᠳᠤᠮᠳᠠ ᠭᠦᠨᠵᠡᠭᠡᠢᠢᠷᠡᠵᠦ ᠴᠢᠳᠠᠬᠰᠠᠨ ᠦᠭᠡᠢ ᠪᠤᠯᠵᠠᠢ᠃ ᠠᠷᠪᠠ ᠵᠢ ᠪᠦᠷᠬᠦᠭᠦᠯᠬᠦ ᠨᠢ ᠪᠦᠬᠦ ᠠᠷᠠᠳ ᠲᠦᠮᠡᠨ ᠤ ᠢᠨᠵᠸᠨ᠋ᠸᠷᠢᠩ᠂ ᠬᠠᠷᠢᠨ ᠵᠦᠪᠬᠡᠨ ᠺᠠᠳ᠋ᠷ ᠠᠵᠢᠯᠲᠠᠳ ᠤᠨ ᠠᠵᠢᠯ ᠪᠢᠰᠢ᠂ ᠤᠷᠳᠤ ᠤᠳᠠᠭᠠᠨ ᠳᠠᠭᠠᠭᠠᠮᠠᠭᠠᠢ ᠠᠵᠢᠯᠯᠠᠬᠤ ᠠᠷᠠᠳ ᠤᠨ ᠠᠮᠢᠵᠢᠷᠭᠠᠨ ᠤ ᠢᠨᠵᠸᠨ᠋ᠸᠷᠢᠩ ᠮᠦᠨ》ᠭᠡᠵᠡᠢ᠃

    ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠲᠡᠷᠢᠭᠦᠯᠡᠭ᠍ᠴᠢ ᠪᠠᠭᠠᠲᠤᠷ ᠲᠤᠰ ᠤᠳᠠᠭᠠᠨ ᠤ ᠬᠤᠷᠠᠯ ᠳᠡᠭᠡᠷ᠎ᠡ ᠢᠯᠡᠳᠬᠡᠯ ᠬᠢᠬᠦ ᠳᠡᠭᠡᠨ ᠳᠤᠲᠤᠭᠠᠳᠤ ᠭᠠᠳᠠᠭᠠᠳᠤ ᠳᠤ ᠨᠡᠭᠡᠭᠡᠯᠲᠡ ᠬᠢᠬᠦ ᠵᠢ ᠪᠦᠬᠦ ᠲᠠᠯ᠎ᠠ ᠪᠡᠷ ᠦᠷᠭᠡᠳᠬᠡᠵᠦ᠂ ᠤᠯᠤᠰ ᠤᠨ 《ᠨᠢᠭᠡ ᠪᠦᠰᠡ ᠨᠢᠭᠡ ᠵᠠᠮ》 ᠤᠨ ᠪᠠᠢᠢᠯᠳᠤᠬᠤ ᠪᠤᠳᠤᠯᠭ᠎ᠠ ᠵᠢ ᠭᠦᠨᠵᠡᠭᠡᠢ ᠲᠤᠤᠱᠯᠠᠭᠤᠯᠵᠦ᠂ ᠳᠤᠮᠳᠠᠳᠤ ᠮᠤᠨᠭᠭᠤᠯ ᠤᠷᠤᠰ ᠤᠨ ᠠᠵᠦ ᠠᠬᠤᠢ ᠶᠢᠨ ᠬᠤᠩᠬᠢᠯ ᠤᠨ ᠪᠠᠢᠢᠭᠤᠯᠤᠯᠲᠠ ᠵᠢ ᠠᠬᠢᠭᠤᠯᠤᠨ᠂ ᠮᠤᠨᠭᠭᠤᠯ ᠤᠷᠤᠰ ᠲᠠᠢ ᠬᠠᠮᠲᠤᠷᠠᠬᠤ ᠲᠤᠬᠲᠠᠯᠴᠠᠭ᠎ᠠ ᠪᠠᠨ ᠰᠢᠨᠡᠳᠬᠡᠨ᠎ᠡ ᠭᠡᠵᠦ ᠳᠤᠷᠠᠳᠪᠠ᠃《ᠨᠢᠭᠡ ᠪᠦᠰᠡ ᠨᠢᠭᠡ ᠵᠠᠮ》 ᠤᠨ ᠠᠷᠭ᠎ᠠ ᠪᠤᠳᠤᠯᠭ᠎ᠠ ᠪᠤᠢ ᠪᠤᠯᠬᠤ ᠲᠠᠢ ᠵᠡᠷᠭᠡ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠨᠠᠢᠢᠳᠠᠪᠤᠷᠢᠲᠠᠢ ᠲᠤᠤᠱᠯᠠᠭᠤᠯᠬᠤ ᠵᠢ ᠴᠢᠷᠮᠠᠢᠢᠵᠦ᠂ ᠢᠯᠠᠩ᠋ᠭᠤᠶ᠎ᠠ ᠮᠤᠨᠭᠭᠤᠯ ᠤᠷᠤᠰ ᠲᠠᠢ ᠬᠠᠷᠢᠯᠴᠠ᠋ᠬᠤ ᠠᠵᠢᠯ ᠳᠡᠭᠡᠷ᠎ᠡ ᠳᠡᠮᠵᠢᠯᠭᠡ ᠬᠦᠷᠲᠡᠭᠡᠭ᠍ᠰᠡᠭᠡᠷ ᠢᠷᠡᠭ᠍ᠰᠡᠨ ᠶᠤᠮ᠃ ᠡᠨᠡ ᠨᠢ ᠦᠷᠴᠠᠢᠢᠬᠤ ᠪᠠᠬᠰᠢ ᠮᠡᠲᠤ ᠶᠢᠨ ᠮᠤᠨᠭᠭᠤᠯ ᠤᠷᠤᠰ ᠲᠠᠢ ᠰᠤᠶᠤᠯ ᠤᠷᠠᠯᠢᠬ ᠤᠨ ᠲᠠᠯ᠎ᠠ ᠪᠡᠷ ᠬᠠᠮᠵᠢᠯᠴᠠᠳᠠᠬ ᠬᠦᠮᠦᠰ ᠲᠤ ᠰᠠᠢᠢᠨ ᠲᠤᠬᠢᠶᠠᠯ ᠢ ᠤᠯᠭᠤᠵᠦ ᠪᠢᠯᠡ᠃

    《ᠭᠡᠪᠡᠴᠦ ᠡᠨᠡᠬᠦ ᠶᠠᠪᠤᠴᠠ ᠳᠤ ᠪᠤᠰᠤᠳ ᠠᠷᠭ᠎ᠠ ᠪᠤᠳᠤᠯᠭ᠎ᠠ ᠶᠢᠨ ᠲᠤᠤᠱᠯᠠᠬᠳᠠᠬᠤ ᠡᠴᠡ ᠪᠤᠯᠵᠦ᠂ ᠬᠠᠶᠠ〈ᠨᠢᠭᠡ ᠪᠦᠰᠡ ᠨᠢᠭᠡ ᠵᠠᠮ〉 ᠤᠨ ᠠᠵᠢᠯ ᠶᠠᠪᠤᠳᠠᠯ ᠢ ᠳᠡᠮᠵᠢᠬᠦ ᠲᠠᠢ ᠨᠡᠢᠢᠴᠡᠬᠦ ᠦᠭᠡᠢ ᠲᠠᠯ᠎ᠠ ᠤᠷᠤᠰᠢᠵᠦ ᠪᠤᠢ》ᠭᠡᠵᠦ ᠦᠷᠴᠠᠢᠢᠬᠤ ᠪᠠᠬᠰᠢ ᠶᠠᠷᠢᠵᠦ ᠪᠠᠢᠢᠯ᠎ᠠ᠃ ᠲᠡᠭᠦᠨ ᠤ ᠬᠡᠯᠡᠭ᠍ᠰᠡᠨ ᠢᠶᠡᠷ᠄《ᠦᠩᠭᠡᠷᠡᠭ᠍ᠰᠡᠨ ᠤᠨ ᠡᠴᠡ ᠡᠬᠢᠯᠡᠭᠡᠳ ᠮᠠᠨ ᠤᠨ ᠤᠷᠤᠨ ᠳᠤ᠂ ᠳᠡᠳ᠋ ᠫᠷᠤᠹᠸᠰᠰᠤᠷ᠂ ᠳᠡᠳ᠋ ᠭᠠᠵᠠᠷ ᠤᠨ ᠳᠠᠷᠤᠭ᠎ᠠ ᠨᠠᠷ ᠭᠠᠳᠠᠭᠠᠳᠤ ᠳᠤ ᠭᠠᠷᠬᠤ ᠳᠤ ᠵᠠᠪᠠᠯ ᠠᠯᠪᠠᠨ ᠤ ᠫᠠᠰᠫᠤᠷᠲ ᠡᠷᠡᠮᠡᠯᠵᠡᠬᠦ ᠴᠢᠬᠤᠯᠠᠲᠠᠢ ᠪᠤᠯᠤᠬᠰᠠᠠ ᠶᠤᠮ᠃ ᠠᠯᠪᠠᠨ ᠫᠠᠰᠫᠤᠷᠲ ᠡᠷᠡᠮᠡᠯᠵᠡᠬᠦ ᠨᠢ ᠭᠦᠢᠴᠡᠳᠬᠡᠯ ᠤᠯᠠᠨ᠂ ᠴᠠᠬ ᠤᠨ ᠲᠠᠯ᠎ᠠ ᠪᠡᠷ ᠤᠷᠳᠤ ᠪᠠᠢᠢᠳᠠᠬ᠃ ᠵᠠᠷᠢᠮ ᠳᠠᠭᠠᠨ ᠤᠷᠤᠰ ᠮᠤᠨᠭᠭᠤᠯ ᠵᠡᠷᠭᠡ ᠤᠯᠤᠰ ᠲᠠᠢ ᠬᠠᠷᠢᠴᠠᠵᠦ ᠶᠠᠪᠤᠯᠴᠠᠬᠤ ᠠᠵᠢᠯ ᠲᠠᠢ ᠡᠴᠡ ᠪᠤᠯᠵᠦ ᠤᠬᠤᠷ ᠴᠠᠬ ᠤᠨ ᠳᠤᠲᠤᠷ᠎ᠠ ᠤᠯᠤᠰ ᠡᠴᠡ ᠭᠠᠷᠬᠤ ᠭᠡᠬᠦ ᠳᠤ ᠫᠠᠰᠫᠤᠷᠲ ᠦᠭᠡᠢ ᠶᠢᠨ ᠤᠴᠢᠷ ᠡᠴᠡ ᠤᠴᠢᠵᠦ ᠴᠢᠳᠠᠯ ᠦᠭᠡᠢ ᠬᠠᠷᠢᠯᠴᠠᠬᠤ ᠲᠤᠬᠢᠶᠠᠯ ᠢᠶᠡᠨ ᠠᠯᠳᠠᠳᠠᠬ》ᠬᠡᠪᠡ᠃

    ᠦᠷᠴᠠᠢᠢᠬᠤ ᠪᠠᠬᠰᠢ ᠮᠠᠨᠢ 2013 ᠤᠨ ᠳᠤ᠂ ᠤᠯᠤᠰ ᠲᠦᠷᠦ ᠶᠢᠨ ᠭᠡᠰᠢᠭᠦᠨ ᠪᠤᠯᠤᠬᠰᠠᠨ ᠦᠶ᠎ᠡ ᠡᠴᠡ ᠡᠬᠢᠯᠡᠵᠦ᠂ ᠬᠦᠳᠡᠭᠡ ᠨᠤᠲᠤᠬ᠂ ᠮᠠᠯᠵᠢᠬᠤ ᠲᠠᠷᠢᠶᠠᠯᠠᠬᠤ ᠤᠷᠤᠨ ᠳᠤ ᠮᠤᠨᠭᠭᠤᠯ ᠰᠤᠷᠭᠠᠭᠤᠯᠢ ᠪᠠᠢᠢᠭᠤᠯᠬᠤ ᠵᠢ ᠳᠤᠷᠠᠳᠤᠵᠦ ᠪᠢᠯᠡ᠃ ᠡᠨᠡ ᠤᠳᠠᠭ᠎ᠠ ᠴᠤ ᠮᠦᠨ ᠠᠳᠠᠯᠢ᠂ ᠪᠠᠭᠠᠳᠤᠷ ᠲᠡᠷᠢᠭᠦᠯᠡᠭ᠍ᠴᠢ ᠶᠢᠨ ᠰᠤᠷᠬᠤ ᠨᠠᠰᠤᠨ ᠡᠴᠡ ᠡᠮᠦᠨᠡᠬᠢ ᠰᠤᠷᠭᠠᠨ ᠬᠦᠮᠦᠵᠢᠯ ᠤᠨ ᠬᠤᠶᠠᠳᠠᠬᠢ ᠬᠤᠭᠤᠴᠠᠭᠠᠨ ᠤ ᠭᠤᠷᠪᠠᠨ ᠵᠢᠯ ᠤᠨ ᠲᠦᠯᠦᠪᠯᠡᠭᠡ ᠵᠢ ᠶᠠᠪᠤᠬᠳᠠᠭᠤᠯᠬᠤ ᠳᠤᠷᠠᠳᠤᠯᠭ᠎ᠠ ᠳᠤ ᠰᠠᠭᠤᠷᠢᠯᠠᠵᠦ᠂ ᠮᠤᠨᠭᠭᠤᠯ ᠴᠡᠴᠡᠷᠯᠢᠭ᠌ ᠪᠠᠢᠢᠭᠤᠯᠬᠤ ᠰᠠᠨᠠᠯ ᠢ ᠳᠡᠪᠰᠢᠭᠦᠯᠵᠡᠢ᠃ ᠲᠡᠷᠡ ᠬᠡᠯᠡᠭᠦ ᠳᠡᠭᠡᠨ᠄《ᠰᠤᠷᠤᠬᠴᠢᠳ ᠢ ᠬᠤᠰᠢᠭᠤ ᠰᠢᠶᠠᠨ ᠳᠤ ᠲᠦᠪᠯᠡᠷᠡᠭᠦᠯᠦᠨ ᠰᠤᠷᠤᠯᠴᠠᠭᠤᠯᠤᠬᠰᠠᠨ ᠢᠶᠡᠷ᠂ ᠬᠦᠳᠡᠭᠡ ᠶᠢᠨ ᠰᠤᠷᠭᠠᠭᠤᠯᠢ ᠨᠤᠭᠤᠳ ᠨᠢ ᠬᠤᠭᠤᠰᠤᠷᠠᠵᠦ᠂ ᠡᠬᠢ ᠪᠠᠶᠠᠯᠢᠬ ᠢ ᠶᠡᠬᠡ ᠪᠡᠷ ᠰᠦᠢᠳᠬᠡᠵᠦ ᠪᠤᠢ᠃ ᠰᠤᠷᠤᠬᠴᠢ ᠦᠭᠡᠢ ᠪᠤᠯᠤᠬᠰᠠᠨ ᠡᠴᠡ ᠪᠠᠬᠰᠢᠨᠠᠷ ᠠᠵᠢᠯ ᠠᠯᠳᠠᠵᠦ᠂ ᠪᠡᠯᠴᠢᠭᠡᠷ ᠤᠰᠤ᠂ ᠲᠠᠷᠢᠶᠠᠨ ᠭᠠᠵᠠᠷ ᠭᠡᠵᠦ ᠪᠠᠰᠠ ᠦᠭᠡᠢ᠂ ᠠᠮᠢᠳᠤᠷᠠᠯ ᠨᠢ ᠲᠤᠩ ᠬᠦᠴᠢᠷᠲᠡᠢ ᠪᠤᠯᠵᠠᠢ᠃ ᠳᠠᠬᠢᠪᠠᠯ ᠬᠤᠰᠢᠭᠤᠨ ᠳᠤ ᠰᠤᠷᠭᠠᠭᠤᠯᠢ ᠳᠤ ᠰᠠᠭᠤᠯᠭᠠᠬᠤ ᠨᠢ ᠢᠯᠡᠭᠦᠦ ᠬᠦᠮᠦᠨ ᠤ ᠬᠦᠴᠦ᠂ ᠮᠦᠩᠭᠦ ᠲᠦᠭᠦᠷᠢᠭ᠌ ᠵᠠᠷᠤᠴᠠᠭᠤᠯᠵᠦ ᠭᠡᠷ ᠤᠨ ᠠᠬᠠᠮᠠᠳ ᠤᠨ ᠠᠮᠢᠳᠤᠷᠠᠯ ᠤᠨ ᠳᠠᠷᠤᠭᠠᠰᠤ ᠵᠢ ᠬᠦᠨᠳᠦᠷᠡᠭᠦᠯᠵᠦ ᠪᠤᠢ᠃ ᠡᠭᠦᠨ ᠡᠴᠡ ᠪᠤᠰᠤᠳ ᠪᠠᠰᠠ ᠤᠯᠠᠨ ᠨᠠᠵᠠᠭᠠᠢ ᠠᠰᠠᠭᠤᠳᠠᠯ ᠢ ᠡᠭᠦᠰᠭᠡᠵᠦ ᠪᠠᠢᠢᠨ᠎ᠠ᠃ ᠲᠡᠢᠢᠮᠦ ᠡᠴᠡ ᠬᠦᠳᠡᠭᠡ ᠨᠤᠲᠤᠬ ᠢᠶᠡᠷ ᠴᠡᠴᠡᠷᠯᠢᠭ᠌ ᠪᠠᠢᠢᠭᠤᠯᠬᠤ ᠨᠢ ᠮᠠᠰᠢ ᠲᠤᠯᠭᠠᠮ᠎ᠠ ᠶᠠᠪᠤᠳᠠᠯ ᠪᠤᠯᠬᠤ ᠶᠤᠮ》ᠬᠡᠯ᠎ᠡ᠃

    ᠦᠷᠴᠠᠢᠢᠬᠤ ᠪᠠᠬᠰᠢ ᠲᠠᠢ ᠠᠳᠠᠯᠢ ᠬᠤᠶᠠᠷ ᠬᠤᠷᠠᠯ ᠳᠤ ᠤᠷᠤᠯᠴᠠᠬᠰᠠᠨ ᠭᠡᠰᠢᠭᠦᠳ ᠲᠦᠯᠦᠭᠡᠯᠡᠭ᠍ᠴᠢᠳ ᠮᠠᠨᠢ ᠠᠷᠠᠳ ᠢᠷᠭᠡᠳ ᠤᠨ ᠲᠦᠯᠦᠭᠡ ᠰᠡᠳᠬᠢᠵᠦ᠂ ᠮᠠᠯᠴᠢᠨ ᠲᠠᠷᠢᠶᠠᠴᠢᠨ ᠤ ᠳᠤᠯᠭᠠᠮ᠎ᠠ ᠱᠠᠭᠠᠷᠳᠠᠬᠳᠠᠵᠦ ᠪᠠᠢᠢᠭ᠎ᠠ ᠠᠰᠠᠭᠤᠳᠠᠯ ᠢ ᠰᠢᠢᠳᠪᠤᠷᠢᠯᠡᠬᠦ ᠪᠡᠷ ᠴᠢᠷᠮᠠᠢᠢᠵᠦ ᠶᠠᠪᠤᠭ᠎ᠠ ᠨᠢ ᠦᠨᠡᠯᠡᠭᠦᠰᠢᠲᠡᠢ ᠪᠢᠯᠡ᠃ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠤᠯᠤᠰ ᠳᠦᠷᠦ ᠶᠢᠨ ᠵᠦᠪᠯᠡᠯᠬᠡᠨ ᠤ ᠠᠷᠪᠠᠨ ᠨᠢᠬᠡᠳᠦᠬᠡᠷ ᠬᠤᠭᠤᠴᠠᠭᠠᠨ ᠤ ᠬᠤᠷᠢᠶ᠎ᠠ ᠶᠢᠨ ᠳᠦᠷᠪᠡᠳᠦᠬᠡᠷ ᠬᠤᠷᠠᠯ ᠪᠤᠯᠤᠨ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠠᠷᠪᠠᠨ ᠬᠤᠶᠠᠳᠤᠭᠠᠷ ᠬᠤᠭᠤᠴᠠᠭᠠᠨ ᠤ ᠠᠷᠠᠳ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠳᠦᠷᠪᠡᠳᠦᠬᠡᠷ ᠬᠤᠷᠠᠯ ᠠᠮᠵᠢᠯᠲᠠ ᠲᠠᠢ ᠦᠨᠳᠦᠷᠯᠡᠯ᠎ᠡ᠃ ᠲᠡᠭᠡᠬᠦ ᠪᠡᠷ ᠲᠡᠳᠡᠭᠡᠷ ᠭᠡᠰᠢᠭᠦᠳ ᠲᠦᠯᠦᠭᠡᠯᠡᠭ᠍ᠴᠢᠳ ᠤᠨ ᠠᠷᠠᠳ ᠲᠤ ᠠᠰᠢᠬᠲᠠᠢ ᠤᠯᠠᠨ ᠰᠠᠢᠢᠬᠠᠨ ᠰᠠᠨᠠᠯ ᠳᠤᠷᠠᠳᠤᠯᠭ᠎ᠠ ᠨᠢ ᠡᠷᠲᠡ ᠨᠢᠭᠡᠨ ᠡᠳᠦᠷ ᠠᠷᠭ᠎ᠠ ᠪᠤᠳᠤᠯᠭ᠎ᠠ ᠪᠤᠯᠤᠨ ᠲᠤᠤᠱᠯᠠᠬᠳᠠᠵᠦ᠂ ᠦᠷᠭᠡᠨ ᠤᠯᠠᠨ ᠢᠶᠡᠨ ᠵᠢᠷᠭᠠᠭᠤᠯᠵᠦ ᠶᠠᠪᠤᠨ᠎ᠠ ᠭᠡᠳᠡᠭ ᠲᠤ ᠢᠲᠡᠭᠡᠵᠦ ᠪᠠᠢᠢᠨ᠎ᠠ᠃

ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ ᠦᠷᠴᠠᠢᠢᠬᠤ(ᠵᠢᠷᠤᠬ ᠢ ᠨᠤᠭᠤᠭᠠᠨᠲᠠᠯ᠎ᠠ)

ᠢᠷᠡᠯᠳᠡ᠄ ᠰᠢᠨᠬᠤᠸᠠ ᠮᠤᠨᠭᠭᠤᠯ ᠨᠸᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • 《ᠰᠢᠨᠬᠤᠸᠠ ᠲᠤᠯᠢ ᠪᠢᠴᠢᠭ᠌》ᠭᠢᠨᠢᠰ ᠤᠨ ᠲᠡᠮᠳᠡᠭᠯᠡᠯ ᠳᠤ ᠪᠢᠴᠢᠭᠳᠡᠯ᠎ᠡ
  • ᠺᠠᠶᠢᠷᠤ᠋ ᠶᠢᠨ ᠵᠡᠭᠡᠯᠢ ᠳᠡᠭᠡᠷᠡᠬᠢ ᠭᠠᠷ ᠨᠡᠬᠡᠮᠡᠯ ᠬᠡᠪᠢᠰᠦᠨ ᠤ ᠳᠡᠯᠭᠡᠭᠦᠷ
  • ᠮᠤᠷᠢ ᠤᠨᠤᠭᠠᠳ ᠰᠤᠷᠭᠠᠭᠤᠯᠢ  ᠳᠠᠭᠠᠨ ᠶᠠᠪᠤᠳᠠᠬ ᠭ᠍ᠧᠷᠮᠠᠨ ᠬᠡᠦᠬᠡᠨ ᠤ ᠮᠤᠨᠭᠭᠤᠯ ᠬᠡᠯᠡ ᠰᠤᠷᠬᠤ ᠵᠠᠮᠨᠠᠯ
  • 12 ᠳ᠋ᠤᠭᠠᠷ ᠡᠭᠡᠯᠵᠢ ᠶᠢᠨ ᠪᠷᠠᠽᠢᠯ ᠤᠨ SP ᠤᠷᠠᠯᠢᠭ ᠤᠨ ᠦᠵᠡᠭᠦᠯᠦᠯᠭᠡ ᠰᠠᠩᠸᠤᠩ ᠫᠠᠦ᠋ᠯᠦ᠋ ᠳᠤ ᠶᠠᠪᠤᠭᠳᠠᠯ᠎ᠠ
关闭
010070230030000000000000011120701117949909