微信打开
蒙古文网站Logo
ᠰᠢᠨᠬᠤᠸᠠ ᠮᠤᠩᠭ᠋ᠤᠯ ᠨᠧᠲ

ᠳᠠᠭᠤᠤ ᠤᠷᠠᠯᠢᠭ ᠢᠶᠡᠷ ᠤᠶᠤᠨ ᠤ ᠬᠦᠨᠡᠰᠦ ᠪᠤᠯᠭᠠᠭᠰᠠᠨ ᠡᠭᠡᠴᠢ ᠲᠡᠬᠦᠦ ᠬᠤᠶᠠᠷ

2017-07-17 18:37

    ᠰᠢᠨᠬᠤᠸᠠ ᠮᠤᠩᠭᠤᠯ ᠨᠧᠲ  ᠬᠦᠬᠡᠬᠤᠳᠠ ᠶᠢᠨ 7 ᠰᠠᠷ᠎ᠠ ᠶᠢᠨ 17 ᠤ ᠡᠳᠤᠷ ᠤᠨ ᠴᠠᠬᠢᠯᠭᠠᠨ ᠮᠡᠳᠡᠬᠡ ( ᠪᠠᠢ ᠯᠢᠩ ᠳ᠋ᠢ ᠰᠤᠷᠤᠶ᠎ᠠ) ᠲᠠᠭᠤᠤ ᠤᠷᠠᠯᠢᠭ ᠢᠶᠡᠷ ᠤᠶᠤᠨ ᠤ ᠬᠦᠨᠡᠰᠦ ᠪᠤᠯᠭᠠᠭᠰᠠᠨ ᠠᠨᠴᠢᠷ᠂ ᠲᠤᠯᠠᠭᠠᠨ ᠡᠬᠡᠴᠢ ᠲᠡᠬᠦᠦ ᠬᠤᠶᠠᠷ ᠰᠢᠨᠬᠤᠸᠠ ᠮᠤᠩᠭᠤᠯ ᠨᠧᠲ ᠢᠶᠡᠷ ᠲᠠᠮᠵᠢᠭᠤᠯᠤᠨ《ᠤᠯᠠᠭᠠᠨᠪᠠᠭᠠᠳᠤᠷ ᠤᠨ ᠦᠳᠡᠰᠢ》 ᠬᠡᠬᠦ ᠲᠠᠭᠤᠤ ᠪᠡᠷ ᠢᠶᠡᠨ ᠲᠠ ᠤᠯᠠᠨ ᠲᠠᠢ ᠪᠠᠨ ᠲᠠᠨᠢᠯᠴᠠᠵᠤ ᠪᠠᠶᠢᠨ᠎ᠠ᠃

    ᠠᠨᠴᠢᠷ᠂ ᠲᠤᠯᠠᠭᠠᠨ ᠶᠡᠷᠡᠭᠡᠳ ᠤᠨ ᠳᠤ ᠦᠪᠦᠷ ᠮᠤᠩᠭᠤᠯ ᠤᠨ ᠬᠢᠩᠭᠠᠨ ᠠᠶᠢᠮᠠᠭ ᠤᠨ ᠵᠠᠯᠠᠶᠢᠳ ᠨᠤᠳᠤᠭ ᠲᠤ ᠵᠠᠶᠠᠭᠠᠵᠠᠢ᠃ ᠬᠠᠷᠠᠬᠠᠨ ᠪᠠᠭ᠎ᠠ ᠡᠴᠡ ᠪᠠᠨ ᠠᠪᠤ ᠶᠢᠨ ᠢᠶᠡᠨ ᠨᠦᠯᠦᠬᠡ ᠶᠢ ᠬᠦᠷᠳᠡᠨ ᠲᠠᠭᠤᠤ ᠤᠷᠠᠯᠢᠭ ᠲᠠᠢ ᠬᠠᠨᠢᠯᠠᠵᠤ᠂ ᠦᠨᠳᠤᠷ ᠲᠤᠮᠳᠠᠳᠤ ᠪᠠᠨ ᠲᠡᠬᠦᠰᠭᠡᠭᠡᠳ ᠤᠷᠠᠯᠢᠭ ᠤᠨ ᠭᠠᠷᠤᠭ᠎ᠡ ᠪᠡᠨ ᠵᠢᠩᠬᠢᠨᠢ ᠪᠡᠷ ᠡᠬᠢᠯᠡᠬᠦᠯᠬᠦ ᠬᠡᠮᠡᠨ ᠠᠨᠴᠢᠷ ᠪᠠᠭᠰᠢ ᠶᠢᠨ ᠶᠡᠬᠡ ᠰᠤᠷᠭᠠᠭᠤᠯᠢ ᠶᠢᠨ ᠲᠠᠭᠤᠤ ᠤᠷᠠᠯᠢᠭ ᠤᠨ ᠲᠡᠭᠡᠳᠤ ᠰᠤᠷᠭᠠᠭᠤᠯᠢ ᠳᠤ᠂ ᠲᠤᠯᠠᠭᠠᠨ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠤᠷᠠᠯᠢᠭ ᠤᠨ ᠲᠡᠭᠡᠳᠤ ᠰᠤᠷᠭᠠᠭᠤᠯᠢ (ᠤᠳᠤ ᠶᠢᠨ ᠦᠪᠦᠷ ᠮᠤᠩᠭᠤᠯ ᠤᠨ ᠤᠷᠠᠯᠢᠭ ᠤᠨ ᠳᠡᠬᠡᠳᠦ ᠰᠤᠷᠭᠠᠭᠤᠯᠢ) ᠳᠤ ᠳᠤᠰ ᠳᠤᠰ ᠰᠢᠯᠭᠠᠭᠤᠯᠤᠨ ᠤᠷᠤᠵᠠᠢ᠃ ᠬᠠᠷᠢᠨ ᠳᠡᠷᠡ ᠬᠤᠶᠠᠭᠤᠯᠠ ᠶᠢᠨ ᠬᠦᠰᠡᠯ ᠤᠨ ᠵᠠᠮ ᠲᠡᠶᠢᠮᠤ ᠴᠤ ᠰᠢᠯᠤᠭᠤᠬᠠᠨ ᠪᠢᠰᠢ ᠪᠠᠶᠢᠯ᠎ᠠ᠃ ᠶᠡᠬᠡ ᠰᠤᠷᠭᠠᠭᠤᠯᠢ ᠳᠤ ᠤᠷᠤᠬᠤ ᠦᠶ᠎ᠡ ᠪᠡᠷ ᠠᠪᠤ ᠨᠢ ᠠᠵᠠ ᠪᠤᠰᠤ ᠪᠡᠷ ᠨᠠᠰᠤ ᠪᠠᠷᠠᠬᠰᠠᠨ ᠡᠴᠡ ᠬᠡᠷ ᠤᠨ ᠠᠮᠢᠳᠤᠷᠠᠯ ᠨᠢ ᠭᠠᠭᠴᠠ ᠡᠵᠢ ᠶᠢᠨ ᠬᠢᠨᠢ ᠮᠥᠷᠦᠨ ᠳᠡᠭᠡᠷ᠎ᠡ ᠪᠠᠭᠤᠬᠰᠠᠨ ᠪᠤᠯᠬᠤᠷ ᠡᠭᠡᠴᠢ ᠲᠡᠬᠦᠦ ᠬᠤᠶᠠᠭᠤᠯᠠ ᠡᠵᠢ ᠶᠢᠨ ᠢᠶᠡᠨ ᠲᠠᠷᠤᠭᠠᠰᠤ ᠶᠢ ᠬᠦᠩᠬᠡᠯᠡᠬᠦ ᠶᠢᠨ ᠲᠦᠯᠦᠬᠡ ᠠᠮᠢᠳᠤᠷᠠᠯ ᠤᠨ ᠬᠦᠴᠢᠷ ᠢ ᠨᠢᠭᠤᠷᠳᠠᠨ ᠲᠤᠯᠵᠤ ᠰᠤᠶᠤᠯ ᠤᠨ ᠮᠦᠷ ᠢᠶᠡᠨ ᠲᠠᠰᠤᠯᠳᠠᠭᠤᠯᠤᠯ ᠦᠭᠡᠢ ᠠᠮᠠᠷᠠᠯᠳᠠ  ᠪᠤᠶᠤ ᠬᠢᠴᠢᠶᠡᠯ ᠤᠨ ᠰᠡᠯᠡᠬᠦᠦ ᠪᠡᠷ ᠢᠶᠡᠨ ᠠᠵᠢᠯ ᠬᠢᠵᠤ ᠠᠮᠢᠳᠤᠷᠠᠯ ᠤᠨ ᠵᠠᠷᠤᠳᠠᠯ ᠢᠶᠡᠨ ᠡᠪᠯᠡᠬᠦᠯᠳᠡᠭ ᠪᠠᠶᠢᠵᠠᠢ᠃ ᠰᠤᠷᠤᠯᠭ᠎ᠠ ᠪᠠᠨ ᠲᠡᠬᠦᠰᠭᠡᠭ᠍ᠰᠡᠨ ᠤ ᠳᠠᠷᠠᠭ᠎ᠠ ᠡᠭᠡᠴᠢ ᠲᠡᠬᠦᠦ ᠬᠤᠶᠠᠷ ᠦᠪᠡᠷ ᠦᠪᠡᠷ ᠤᠨ ᠬᠡᠰᠡᠨ ᠠᠵᠢᠯ ᠦᠢᠯᠡᠰ ᠲᠠᠢ ᠪᠤᠯᠵᠤ᠂ ᠮᠦᠨ ᠨᠡᠯᠢᠶᠡᠳ ᠠᠮᠵᠢᠯᠳᠡ ᠪᠦᠳᠦᠮᠵᠢ ᠭᠠᠷᠭᠠᠨ ᠠᠮᠢᠳᠤᠷᠠᠯ ᠨᠢ ᠥᠭᠡᠳᠡᠯᠡᠵᠦ ᠢᠷᠡᠭᠰᠡᠨ ᠢᠶᠡᠷ ᠬᠦᠰᠡᠯ ᠮᠦᠷᠦᠬᠡᠳᠦᠯ ᠪᠤᠯᠤᠭᠰᠠᠨ ᠳᠠᠭᠤᠤ ᠤᠷᠠᠯᠢᠭ ᠲᠠᠭᠠᠨ ᠲᠠᠬᠢᠨ ᠰᠢᠮᠳᠠᠵᠤ᠂ ᠵᠠᠪ ᠴᠢᠯᠦᠬᠡ ᠭᠠᠷᠤᠭᠰᠠᠭᠠᠷ ᠠᠨᠴᠢᠷ ᠰᠤᠷᠤᠭᠰᠠᠨ ᠤᠷᠳᠤ ᠶᠢᠨ ᠲᠠᠭᠤᠤ ᠪᠠᠨ᠂ ᠲᠤᠯᠠᠭᠠᠨ ᠰᠤᠷᠤᠭᠰᠠᠨ ᠰᠤᠩᠭᠤᠳᠠᠭ ᠲᠠᠭᠤᠯᠠᠯᠭ᠎ᠠ ᠢᠢᠨ ᠮᠡᠷᠭᠡᠵᠢᠯ ᠢᠶᠡᠨ ᠠᠭᠤᠰᠤᠯᠴᠠᠭᠤᠯᠤᠨ ᠰᠢᠨ᠎ᠡ ᠠᠶ᠎ᠠ ᠲᠠᠭᠤᠤ ᠵᠤᠬᠢᠶᠠᠨ ᠲᠠᠭᠤᠯᠠᠵᠦ ᠤᠷᠤᠯᠳᠤᠳᠠᠬ ᠪᠤᠯᠤᠯ᠎ᠠ᠃

    ᠠᠨᠴᠢᠷ ᠲᠤᠯᠠᠭᠠᠨ ᠬᠤᠶᠠᠷ ᠨᠢᠬᠡ ᠡᠳᠤᠷ ᠮᠦᠨ ᠶᠡᠷᠦᠳᠡ ᠶᠢᠨ ᠬᠢ ᠪᠡᠷ ᠢᠶᠡᠨ ᠠᠶ᠎ᠠ ᠨᠡᠶᠢᠯᠡᠬᠦᠯᠦᠨ ᠲᠠᠭᠤᠯᠠᠵᠤ ᠰᠠᠭᠤᠬᠤ ᠳᠤ ᠮᠡᠷᠬᠡᠵᠢᠯ ᠤᠨ ᠪᠠᠭᠰᠢ ᠨᠢ ᠤᠯᠵᠤ ᠰᠤᠨᠤᠰᠤᠭᠠᠳ ᠬᠠᠮᠳᠤᠯᠢᠭ ᠪᠠᠶᠢᠭᠤᠯᠬᠤ ᠲᠤᠬᠠᠢ ᠵᠥᠪᠯᠡᠯᠭᠡ ᠦᠭ᠍ᠬᠦᠭ᠍ᠰᠡᠨ ᠳᠤ ᠬᠤᠶᠠᠭᠤᠯᠠ ᠪᠠᠨ ᠪᠠᠶᠠᠷ ᠲᠠᠢ ᠬᠦᠯᠢᠶᠡᠨ ᠠᠪᠴᠠᠢ᠃ ᠡᠶᠢᠨᠬᠦ 2017 ᠤᠨ ᠤ ᠡᠬᠢ ᠪᠡᠷ ᠡᠬᠡᠴᠢ ᠳᠡᠬᠦᠦ ᠬᠤᠶᠠᠭᠤᠯᠠ ᠬᠠᠮᠳᠤᠯᠢᠭ ᠢᠶᠡᠨ ᠡᠬᠢᠯᠡᠨ ᠲᠦᠰᠦᠪᠯᠡᠵᠤ ᠪᠠᠶᠢᠬᠤ ᠳᠤ ᠨᠡᠷᠡᠳᠤ ᠠᠶ᠎ᠠ ᠵᠤᠬᠢᠶᠠᠭᠴᠢ ᠤᠯᠠᠭᠠᠨᠲᠤᠭ  ᠡᠬᠡ ᠦᠷ᠎ᠡ ᠶᠢᠨ ᠬᠠᠶᠢᠷ᠎ᠠ ᠰᠡᠳᠬᠢᠯᠬᠡ ᠂ ᠦᠨᠳᠦᠰᠦᠳᠡᠨ ᠤ ᠠᠭᠤᠤ ᠶᠡᠬᠡ ᠡᠶ᠎ᠡ ᠨᠠᠶᠢᠷ ᠢ ᠠᠭᠤᠯᠤᠭᠰᠠᠨ《ᠬᠦᠬᠡ ᠲᠡᠭᠷᠢ ᠬᠦᠪᠤᠩ ᠡᠬᠦᠯᠡ》 ᠬᠡᠮᠡᠬᠦ ᠨᠡᠷ᠎ᠡ ᠶᠢ ᠬᠠᠮᠳᠤᠯᠢᠭ ᠲᠤ ᠨᠢ ᠬᠠᠶᠢᠷᠠᠯᠠᠭᠰᠠᠨ ᠶᠤᠮ᠃

    ᠠᠨᠴᠢᠷ ᠲᠤᠯᠠᠭᠠᠨ ᠬᠤᠶᠠᠷ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠤᠨ ᠤᠨᠴᠠᠭᠠᠢ ᠲᠠᠰᠢᠷᠡᠮ ᠢᠶᠡᠷ 《ᠬᠦᠬᠡ ᠲᠡᠭᠷᠢ ᠬᠦᠪᠤᠩ ᠡᠬᠦᠯᠡ》ᠬᠠᠮᠳᠤᠯᠢᠭ ᠢᠶᠡᠨ ᠲᠠᠩᠰᠠᠯᠠᠭᠤᠯᠵᠤ ᠠᠯᠪᠠᠨ ᠶᠤᠰᠤ ᠪᠡᠷ ᠨᠡᠷᠡᠶᠢᠳᠬᠦ ᠪᠡᠷ ᠪᠠᠯᠡᠳᠬᠡᠵᠤ ᠪᠠᠶᠢᠭ᠎ᠠ ᠳᠡᠳᠦᠢ ᠦᠬᠡᠢ ᠢᠷᠡᠬᠦ ᠵᠢᠯ ᠤᠨ 8 ᠰᠠᠷ᠎ᠠ ᠳᠤ 《ᠠᠪᠤ ᠶᠢᠨ ᠬᠠᠶᠢᠷ᠎ᠠ》᠂ 《ᠠᠯᠤᠰ ᠤᠨ ᠮᠦᠷᠦᠭᠡᠳᠤᠯ》ᠵᠡᠷᠬᠡ 12 ᠲᠠᠭᠤᠤ ᠲᠠᠢ ᠠᠩᠬᠠᠨ ᠤ CD ᠪᠠᠨ ᠰᠤᠨᠤᠰᠤᠭᠴᠢᠳ ᠤᠨ ᠢᠶᠡᠨ ᠠᠯᠠᠭᠠᠨ ᠲᠡᠭᠡᠷ᠎ᠡ ᠲᠠᠯᠪᠢᠬᠤ ᠪᠡᠷ ᠪᠡᠯᠡᠳᠬᠡᠵᠤ ᠪᠠᠶᠢᠨ᠎ᠠ᠃ 《ᠳᠠᠭᠤᠤ ᠤᠷᠠᠯᠢᠭ ᠤᠨ ᠲᠤᠬᠠᠢ ᠬᠦᠬᠡᠬᠡᠴᠡᠯᠳᠤᠯ ᠢᠶᠡᠨ ᠪᠤᠳᠠᠰ ᠤᠨ ᠠᠮᠢᠳᠤᠷᠠᠯ ᠤᠨ ᠬᠦᠬᠡᠬᠡᠴᠡᠯᠳᠤᠯ ᠡᠴᠡ ᠠᠷᠠᠢ ᠵᠠᠶᠢᠳᠠᠭᠤᠯᠵᠤ ᠬᠠᠷᠢᠨ ᠲᠤᠷ᠎ᠠ ᠪᠠᠬ᠎ᠠ᠂ ᠬᠦᠰᠡᠯ ᠮᠦᠷᠦᠬᠡᠳᠦᠯ ᠤᠨ ᠬᠦᠬᠡᠬᠡᠴᠡᠯᠳᠤᠯ᠂ ᠤᠶᠤᠨ ᠤ ᠬᠦᠬᠡᠬᠡᠴᠡᠯᠳᠤᠯ ᠪᠤᠯᠭᠠᠨ ᠶᠠᠮᠠᠷ ᠴᠤ ᠲᠠᠷᠤᠭᠠᠰᠤ ᠦᠭᠡᠢ ᠪᠡᠷ ᠲᠠᠭᠤᠯᠠᠵᠤ ᠤᠷᠤᠯᠳᠤᠵᠤ ᠪᠠᠶᠢᠨ᠎ᠠ᠂ ᠢᠩᠬᠢᠮᠡᠨᠵᠢᠨ ᠰᠠᠶ᠊ᠢ ᠤᠷᠠᠯᠢᠭ ᠠᠮᠳᠠᠷᠬᠠᠭᠳᠠᠨ᠎ᠠ᠂ ᠰᠠᠶ᠊ᠢ ᠤᠷᠠᠯᠢᠭ ᠤᠨ ᠵᠢᠩᠬᠢᠨᠢ ᠬᠠᠪᠤ ᠴᠡᠩᠬᠡᠯ ᠢ ᠡᠳ᠋ᠯᠡᠵᠤ ᠴᠢᠳᠠᠨ᠎ᠠ ᠬᠡᠵᠤ ᠪᠢᠳᠡ ᠪᠤᠳᠤᠳᠠᠭ》 ᠬᠡᠮᠡᠨ ᠲᠤᠯᠠᠭᠠᠨ ᠶᠠᠷᠢᠯ᠎ᠠ᠃

ᠢᠷᠡᠯᠳᠡ᠄ ᠰᠢᠨᠬᠤᠸᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121333357