蒙古文网站Logo
ᠰᠢᠨᠬᠤᠸᠠ ᠮᠤᠩᠭ᠋ᠤᠯ ᠨᠧᠲ

ᠰᠡᠴᠡᠨᠪᠠᠭᠠᠳᠤᠷ ᠤᠨ《ᠴᠤᠨᠵᠢ》  ᠪᠤᠰᠬᠠᠭᠰᠠᠨ ᠲᠡᠮᠳᠡᠭᠯᠡᠯ

2017-07-27 17:20

    ᠰᠢᠨᠬᠤᠸᠠ ᠮᠤᠩᠭ᠋ᠤᠯ ᠨᠧᠲ ᠬᠦᠬᠡᠬᠤᠳᠠ ᠶᠢᠨ 7 ᠰᠠᠷ᠎ᠠ ᠶᠢᠨ 27 ᠤ᠋ ᠡᠳᠤᠷ ᠤᠨ ᠴᠠᠬᠢᠯᠭᠠᠨ ᠮᠡᠳᠡᠬᠡ (ᠪᠠᠢ ᠯᠢᠩ ᠳ᠋ᠢ  ᠰᠤᠷᠤᠶ᠎ᠠ )ᠮᠤᠩᠭ᠋ᠤᠯ ᠦᠨᠳᠦᠰᠦᠳᠡᠨ ᠤ ᠤᠯᠠᠮᠵᠢᠯᠠᠯᠳᠤ ᠬᠤᠪᠴᠠᠰᠤ ᠵᠠᠰᠠᠯ ᠤᠷᠤᠰᠬᠠᠯ ᠲᠠᠭᠠᠨ ᠬᠦᠷᠢᠶᠡᠯᠡᠯ ᠤᠯᠵᠤ ᠪᠠᠶᠢᠭ᠎ᠠ ᠦᠨᠦᠳᠤᠷ ᠮᠤᠩᠭ᠋ᠤᠯ ᠬᠤᠪᠴᠠᠰᠤᠨ ᠤ ᠲᠡᠯᠭᠡᠬᠦᠷ᠂ ᠦᠢᠯᠡᠳᠪᠦᠷᠢ ᠤᠯᠠᠰᠢᠷᠠᠭᠰᠠᠨ ᠡᠴᠡ ᠭᠠᠷ ᠬᠢᠴᠠ ᠲᠠᠢ ᠠᠷᠠᠰᠤᠨ ᠱᠠᠬᠠᠢ᠂ ᠭᠤᠳᠤᠯ ᠤᠨ ᠦᠢᠯᠡᠳᠬᠡᠯ ᠤᠨ ᠭᠠᠵᠠᠷ ᠠᠶᠠᠨᠳᠠᠭᠠᠨ ᠰᠡᠷᠬᠦᠬᠡᠭ᠍ᠳᠡᠵᠤ ᠡᠬᠢᠯᠡᠭᠰᠡᠨ ᠪᠠᠶᠢᠨ᠎ᠠ᠃

    ᠦᠪᠦᠷ ᠮᠤᠩᠭ᠋ᠤᠯ ᠤᠨ ᠮᠠᠯᠵᠢᠬᠤ ᠤᠷᠤᠨ ᠤ ᠨᠦᠬᠡᠴᠡ ᠪᠠᠶᠠᠯᠢᠭ ᠤᠨ ᠬᠠᠮᠳᠤ ᠶᠢᠨ ᠠᠵᠢᠯᠯᠠᠭᠠᠨ ᠤ ᠡᠪᠯᠡᠯ ᠳᠤ 《 ᠴᠤᠨᠵᠢ》 ᠭᠠᠷ ᠬᠢᠴᠡ ᠲᠠᠢ ᠠᠷᠠᠰᠤᠨ ᠭᠤᠳᠤᠯ ᠤᠨ ᠦᠢᠯᠡᠳᠬᠡᠯ ᠤᠨ ᠭᠠᠵᠠᠷ ᠭᠡᠵᠦ ᠪᠠᠶᠢᠳᠠᠭ᠃ ᠡᠬᠦᠨ ᠢ ᠡᠷᠬᠢᠯᠡᠨ ᠬᠢᠵᠤ ᠪᠠᠶᠢᠭ᠎ᠠ ᠨᠢ ᠶᠡᠷᠡᠬᠡᠳ ᠤᠨ ᠤ ᠬᠤᠵᠢᠭᠤᠳ ᠤᠨ ᠮᠤᠩᠭ᠋ᠤᠯ ᠵᠠᠯᠠᠭᠤ ᠰᠡᠴᠡᠨᠪᠠᠭᠠᠳᠤᠷ ᠪᠤᠯᠤᠨ᠎ᠠ᠃ ᠨᠡᠶᠢᠬᠡᠮ ᠳᠤ ᠬᠢᠷᠠᠬᠠᠢ ᠠᠵᠢᠭᠯᠠᠯᠳᠠ ᠲᠠᠢ ᠪᠦᠭᠡᠳ ᠰᠢᠨ᠎ᠡ ᠰᠡᠪᠡᠬᠦᠨ ᠰᠡᠳᠬᠢᠬᠦᠢ ᠲᠠᠢ ᠰᠡᠴᠡᠨᠪᠠᠭᠠᠳᠤᠷ ᠶᠡᠬᠡ ᠰᠤᠷᠭᠠᠭᠤᠯᠢ ᠪᠠᠨ ᠲᠡᠬᠦᠰᠦᠭᠡᠳ ᠤᠯᠤᠭᠰᠠᠨ ᠠᠵᠢᠯ ᠢᠶᠡᠨ ᠰᠡᠳᠬᠢᠯᠴᠢᠯᠡᠨ ᠪᠡᠶᠡᠯᠡᠬᠦᠯᠵᠤ᠂ ᠰᠠᠨᠠᠭ᠎ᠠ ᠠᠮᠠᠷ ᠠᠵᠢᠯᠯᠠᠵᠤ ᠶᠠᠪᠤᠬᠤ ᠶᠤᠰᠤᠲᠠᠢ ᠪᠠᠶᠢᠲᠠᠯ᠎ᠠ ᠶᠠᠭᠠᠬᠢᠭᠠᠳ ᠠᠵᠢᠯ ᠢᠶᠡᠨ ᠬᠠᠶᠠᠵᠤ ᠦᠢᠯᠡᠰ ᠪᠤᠰᠬᠠᠬᠤ ᠵᠠᠮ ᠢ ᠰᠤᠩᠭ᠋ᠤᠭᠰᠠᠨ ᠪᠤᠢ᠂ ᠬᠠᠮᠳᠤ ᠳᠤ ᠪᠠᠨ ᠰᠡᠴᠡᠨᠪᠠᠭᠠᠳᠤᠷ ᠲᠠᠢ ᠲᠠᠨᠢᠯᠴᠠᠬᠤ ᠶᠢᠨ ᠲᠠᠭᠠᠤ ᠲᠡᠬᠦᠨ ᠤ ᠪᠤᠰᠬᠠᠭᠰᠠᠨ《ᠴᠤᠨᠵᠢ》 ᠶ᠋ᠢ ᠤᠶᠢᠯᠠᠭᠠᠶ᠎ᠠ!

    ᠰᠡᠴᠡᠨᠪᠠᠭᠠᠳᠤᠷ᠂1990 ᠤᠨ ᠳᠤ ᠤᠯᠠᠭᠠᠨᠬᠠᠳᠠ ᠶᠢᠨ ᠠᠷᠤ ᠬᠤᠷᠴᠢᠨ ᠬᠤᠰᠢᠭᠤᠨ ᠳᠤ ᠲᠥᠷᠦᠵᠡᠢ᠂ 《ᠴᠤᠨᠵᠢ》ᠭᠠᠷ ᠬᠢᠴᠠ ᠶᠢᠨ ᠠᠷᠠᠰᠤᠨ ᠭᠤᠳᠤᠯ ᠤᠨ ᠦᠢᠯᠡᠳᠬᠡᠯ ᠤᠨ ᠭᠠᠵᠠᠷ ᠢ ᠡᠭᠦᠰᠭᠡᠨ ᠪᠠᠶᠢᠭᠤᠯᠤᠬᠴᠢ᠃ 2014 ᠤᠨ ᠳᠤ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠲᠡᠭᠡᠳᠤ ᠰᠤᠷᠭᠠᠭᠤᠯᠢ ᠡᠴᠡ ᠨᠡᠪᠳᠡᠷᠡᠬᠦᠯᠦᠭᠴᠢ ᠬᠦᠳᠦᠯᠦᠭᠴᠢ ᠶᠢᠨ ᠮᠡᠷᠬᠡᠵᠢᠯ ᠢᠶᠡᠷ ᠲᠡᠬᠦᠰᠴᠠᠢ᠃ ᠰᠤᠷᠭᠠᠭᠤᠯᠢ ᠪᠠᠨ ᠲᠡᠬᠦᠰᠦᠮᠡᠭᠴᠠ ᠪᠠᠶᠠᠨᠨᠠᠭᠤᠷ ᠤᠨ ᠷᠠᠳᠢᠣ᠋ ᠲᠧᠯᠧᠶ᠋ᠰ ᠬᠤᠷᠢᠶᠠᠨ ᠳᠤ ᠬᠦᠳᠦᠯᠦᠭᠴᠢ ᠶᠢᠨ ᠠᠵᠢᠯ ᠬᠢᠪᠡ᠃ ᠬᠡᠪᠡᠴᠤ ᠦᠪᠡᠷ ᠢᠶᠡᠨ ᠦᠢᠯᠡᠰ ᠪᠤᠰᠬᠠᠵᠤ ᠶᠠᠭᠤ ᠨᠢᠬᠡ ᠶᠢ ᠬᠢᠵᠤ ᠪᠦᠲᠦᠭᠡᠶ᠎ᠡ ᠬᠡᠵᠤ ᠪᠤᠳᠤᠭᠰᠠᠨ ᠲᠡᠷᠡᠪᠡᠷ ᠬᠦᠳᠤᠯᠦᠭᠴᠢ ᠶᠢᠨ ᠪᠠᠶᠢᠷᠢ ᠲᠡᠭᠡᠷ᠎ᠡ ᠪᠡᠨ ᠲᠡᠮᠡᠢ ᠤᠷᠳᠤ ᠬᠤᠭᠤᠴᠠᠭ᠎ᠠ ᠠᠵᠢᠯᠯᠠᠭ᠎ᠠ ᠦᠭᠡᠢ ᠪᠡᠷ ᠦᠢᠯᠡᠰ ᠪᠤᠰᠬᠠᠬᠤ ᠠᠶᠠᠨ ᠢᠶᠡᠨ ᠡᠬᠢᠯᠡᠬᠦᠯᠤᠭ᠍ᠰᠡᠨ ᠶᠤᠮ᠃ ᠰᠡᠴᠡᠨᠪᠠᠭᠠᠳᠤᠷ ᠬᠦᠬᠡᠬᠤᠳᠠ ᠳᠤ ᠢᠷᠡᠵᠤ ᠤᠷᠢᠳ ᠬᠤᠵᠢᠳ 《ᠴᠤᠨᠵᠢ》ᠬᠡᠬᠦ ᠨᠡᠷ᠎ᠡ ᠪᠡᠷ ᠮᠤᠩᠭ᠋ᠤᠯ ᠪᠠᠭᠠᠷ ᠨᠡᠬᠡᠬᠡᠵᠤ᠂ ᠬᠦᠳᠡᠬᠡ ᠨᠤᠳᠤᠭ  ᠤᠨ ᠢᠶᠡᠨ ᠴᠡᠬᠡ ᠶᠢ ᠪᠤᠷᠤᠯᠠᠭᠤᠯᠬᠤ ᠲᠡᠯᠬᠡᠬᠦᠷ ᠡᠷᠬᠢᠯᠡᠭᠰᠡᠨ ᠪᠠᠶᠢᠯ᠎ᠠ᠃ ᠴᠡᠬᠡ ᠪᠤᠷᠤᠯᠠᠭᠤᠯᠵᠤ ᠪᠠᠶᠢᠭ᠎ᠠ ᠶᠠᠪᠤᠴᠠ ᠳᠤ ᠪᠠᠨ ᠴᠡᠬᠡ ᠶᠢ ᠬᠠᠶᠢᠷᠴᠠᠭᠯᠠᠨ ᠦᠢᠯᠡᠳᠴᠦ ᠵᠠᠬ᠎ᠠ ᠵᠡᠬᠡᠯᠢ ᠳᠤ ᠭᠠᠷᠭᠠᠬᠤ ᠶᠢ ᠰᠦᠪᠡᠭ᠍ᠴᠢᠯᠡᠭᠰᠡᠨ ᠶᠤᠮ᠂ ᠬᠡᠳᠡᠯ᠎ᠡ ᠮᠡᠷᠬᠡᠵᠢᠯ ᠤᠨ ᠲᠠᠯ᠎ᠠ ᠪᠡᠷ ᠮᠠᠰᠢ ᠦᠨᠳᠤᠷ ᠱᠠᠭᠠᠷᠳᠠᠯᠭ᠎ᠠ ᠲᠠᠢ ᠪᠦᠭᠡᠳ ᠪᠡᠯᠡ ᠮᠦᠩᠬᠦ ᠨᠢ ᠴᠤ ᠬᠦᠷᠦᠯᠴᠠᠬᠦ ᠦᠭᠡᠢ ᠡᠴᠡ ᠬᠦᠰᠡᠯ ᠨᠢ ᠪᠡᠶᠡᠯᠡᠭᠳᠡᠵᠤ ᠴᠢᠳᠠᠭᠰᠠᠨ ᠦᠭᠡᠢ᠃ ᠰᠡᠴᠡᠨᠪᠠᠭᠠᠳᠤᠷ ᠤᠨ ᠦᠷᠬᠦᠯᠵᠢ ᠰᠡᠳᠬᠢᠯ ᠳᠤ ᠪᠠᠨ ᠰᠠᠨᠠᠵᠤ ᠶᠠᠪᠤᠳᠠᠭ ᠨᠢᠬᠡ ᠵᠦᠢᠯ ᠪᠤᠯ ᠮᠠᠯᠵᠢᠬᠤ ᠤᠷᠤᠨ ᠳᠤ ᠪᠠᠨ ᠦᠴᠦᠬᠡᠨ ᠴᠤ ᠬᠡᠰᠡᠨ ᠬᠤᠪᠢ ᠨᠡᠮᠡᠷᠢ ᠦᠵᠡᠬᠦᠯᠬᠦ ᠶᠠᠪᠤᠳᠠᠯ ᠪᠠᠶᠢᠯ᠎ᠠ᠃ ᠶᠠᠭ ᠡᠨᠡᠬᠦ ᠰᠠᠨᠠᠭᠠᠨ ᠡᠴᠡ ᠪᠠᠨ《ᠴᠤᠨᠵᠢ》ᠬᠡᠰᠡᠨ ᠨᠡᠷ᠎ᠡ ᠲᠠᠢ ᠭᠠᠷ ᠬᠢᠴᠡ ᠲᠠᠢ ᠠᠷᠠᠰᠤᠨ ᠭᠤᠳᠤᠯ ᠤᠨ ᠦᠢᠯᠡᠳᠬᠡᠯ ᠤᠨ ᠭᠠᠵᠠᠷ ᠢᠶᠡᠨ ᠪᠠᠶᠢᠭᠤᠯᠤᠭᠰᠠᠨ ᠪᠠᠶᠢᠨ᠎ᠠ᠃ ᠡᠨᠡᠬᠦ ᠦᠢᠯᠡᠳᠬᠡᠯ ᠤᠨ ᠭᠠᠵᠠᠷ ᠢᠶᠡᠨ ᠪᠠᠶᠢᠭᠤᠯᠬᠤ ᠳᠤ ᠰᠡᠴᠡᠨᠪᠠᠭᠠᠳᠤᠷ ᠲᠤᠳᠤᠭᠠᠳᠤ ᠭᠠᠳᠠᠭᠠᠳᠤ ᠶᠢᠨ ᠤᠯᠠᠨ ᠭᠠᠵᠠᠷ ᠢᠶᠡᠷ ᠱᠠᠬᠠᠢ᠂ ᠭᠤᠳᠤᠯ ᠬᠢᠬᠦ ᠠᠷᠭ᠎ᠠ ᠮᠡᠷᠬᠡᠵᠢᠯ ᠰᠤᠷᠴᠤ ᠶᠠᠪᠤᠭᠰᠠᠨ ᠪᠦᠭᠡᠳ ᠮᠤᠩᠭ᠋ᠤᠯ ᠤᠯᠤᠰ ᠲᠤ ᠠᠳᠠᠭ ᠲᠠᠭᠠᠨ ᠭᠤᠷᠪᠠ ᠤᠳᠠᠭ᠎ᠠ ᠤᠴᠢᠵᠠᠢ᠃ ᠢᠩᠬᠢᠭᠡᠳ 2016 ᠤᠨ ᠡᠴᠡ ᠡᠬᠢᠯᠡᠨ ᠦᠢᠯᠡᠳᠬᠡᠯ ᠤᠨ ᠭᠠᠵᠠᠷ ᠢᠶᠡᠨ ᠠᠯᠪᠠᠨ ᠶᠤᠰᠤ ᠪᠡᠷ ᠠᠵᠢᠯᠯᠠᠭᠤᠯᠤᠨ ᠤᠳᠤ ᠪᠤᠯᠬᠤ ᠳᠤ ᠡᠳᠤᠷ ᠲᠤ ᠡᠳᠦᠢ ᠲᠡᠳᠦᠢ ᠵᠠᠬᠢᠶᠠᠯᠭ᠎ᠠ ᠲᠤᠰᠴᠤ ᠪᠠᠶᠢᠭ᠎ᠠ ᠪᠦᠭᠡᠳ ᠵᠠᠬᠢᠶᠠᠯᠠᠭᠴᠢᠳ ᠤᠨ ᠢᠶᠡᠨ ᠢᠳᠡᠬᠡᠯ ᠬᠦᠨᠳᠤ ᠶᠢ ᠴᠦ ᠨᠡᠯᠢᠶᠡᠳ ᠤᠯᠤᠭᠰᠠᠨ ᠪᠠᠶᠢᠨ᠎ᠠ᠃

    ᠰᠡᠴᠡᠨᠪᠠᠭᠠᠳᠤᠷ ᠡᠨᠡ ᠬᠤᠶᠠᠷ ᠵᠢᠯ  ᠪᠠᠰᠠ ᠬᠡᠳᠤ ᠤᠳᠠᠭᠠᠨ ᠤ ᠪᠤᠯᠪᠠᠰᠤᠷᠠᠯ ᠤᠨ ᠠᠩᠬᠢ ᠡᠷᠬᠢᠯᠡᠨ ᠲᠤᠰᠬᠠᠢ ᠮᠡᠷᠬᠡᠵᠢᠯ ᠤᠨ ᠪᠠᠭᠰᠢ ᠵᠠᠯᠠᠵᠤ ᠨᠡᠩ ᠤᠯᠠᠨ ᠬᠦᠮᠦᠰ ᠲᠤ ᠠᠷᠠᠰᠤᠨ ᠤᠷᠠᠯᠠᠯ ᠤᠨ ᠠᠷᠭ᠎ᠠ ᠮᠡᠷᠬᠡᠵᠢᠯ ᠶᠢᠡᠨ ᠵᠢᠭᠠᠨ ᠰᠤᠷᠭᠠᠬᠤ ᠶᠢᠨ ᠲᠠᠭᠠᠤ ᠬᠦᠮᠦᠰ ᠢ ᠳᠠᠶᠢᠴᠢᠯᠠᠨ ᠭᠠᠷ ᠬᠢᠴᠡ ᠶᠢᠨ ᠠᠷᠠᠰᠤᠨ ᠤᠷᠠᠯᠠᠯ ᠢ ᠬᠦᠭ᠍ᠵᠢᠬᠦᠯᠬᠦ ᠳᠤ ᠬᠦᠴᠦᠯᠡᠨ ᠴᠢᠷᠮᠠᠶᠢᠵᠤ ᠪᠠᠶᠢᠭ᠎ᠠ ᠶᠤᠮ᠃

    《ᠦᠪᠦᠷ ᠮᠤᠩᠭ᠋ᠤᠯ ᠳᠤ ᠭᠠᠷ ᠬᠢᠴᠠ ᠲᠠᠢ ᠠᠷᠠᠰᠤᠨ ᠱᠠᠬᠠᠢ᠂ ᠭᠤᠳᠤᠯ  ᠤᠨ ᠭᠠᠵᠠᠷ ᠴᠦᠬᠡᠨ ᠪᠤᠯᠬᠤᠷ ᠪᠢᠳᠡ ᠮᠡᠷᠬᠡᠵᠢᠯ ᠢᠶᠡᠨ ᠬᠠᠷᠠᠮ ᠦᠭᠡᠢ ᠲᠤᠷ᠎ᠠ ᠪᠠᠬᠠᠳᠠᠳ ᠲᠤ ᠪᠠᠨ ᠵᠢᠭᠠᠨ ᠰᠤᠷᠭᠠᠨ᠎ᠠ᠂ ᠢᠩᠬᠢᠵᠤ ᠡᠨᠡᠬᠦ ᠤᠷᠠᠯᠠᠯ ᠢᠶᠡᠨ ᠨᠡᠩ ᠤᠯᠠᠨ ᠬᠦᠮᠦᠨ ᠳᠤ ᠤᠶᠢᠯᠠᠭᠠᠭᠤᠯᠤᠨ ᠮᠡᠳᠡᠬᠦᠯᠵᠤ ᠠᠷᠠᠰᠤᠨ ᠤᠷᠠᠯᠠᠯ ᠬᠢᠬᠦ ᠬᠦᠮᠦᠨ ᠤᠯᠠᠰᠢᠷᠠᠪᠠᠯ ᠦᠪᠦᠷ ᠮᠤᠩᠭ᠋ᠤᠯ ᠤᠨ ᠮᠠᠯᠵᠢᠬᠤ ᠤᠷᠤᠨ ᠤ ᠠᠷᠠᠰᠤ ᠰᠢᠷᠢ  ᠶᠢᠨ ᠦᠢᠯᠡᠰ ᠢ ᠲᠠᠭᠠᠭᠤᠯᠤᠨ ᠬᠦᠭ᠍ᠵᠢᠬᠦᠯᠬᠦ ᠪᠤᠯᠤᠨ᠎ᠠ᠂ ᠡᠨᠡ ᠪᠤᠯ ᠮᠢᠨᠦ ᠠᠷᠠᠰᠤᠨ ᠤᠷᠠᠯᠠᠯ ᠢᠶᠡᠷ ᠦᠢᠯᠡᠰ ᠪᠤᠰᠬᠠᠭᠰᠠᠨ ᠤᠭ ᠰᠠᠨᠠᠭ᠎ᠠ ᠮᠦᠨ》 ᠬᠡᠵᠤ ᠰᠡᠴᠡᠨᠪᠠᠭᠠᠳᠤᠷ ᠰᠤᠷᠪᠤᠯᠵᠢᠯᠠᠭ᠎ᠠ ᠬᠦᠯᠢᠶᠡᠬᠦ ᠳ᠋ᠡᠬᠡᠨ ᠶᠠᠷᠢᠵᠤ ᠪᠢᠯᠡ᠃

    《 ᠴᠤᠨᠵᠢ》 ᠭᠠᠷ ᠬᠢᠴᠡ ᠶᠢᠨ ᠠᠷᠠᠰᠤᠨ ᠭᠤᠳᠤᠯ ᠤᠨ ᠦᠢᠯᠡᠳᠬᠡᠯ ᠤᠨ ᠭᠠᠵᠠᠷ ᠨᠡᠶᠢᠳᠡ 5 ᠠᠵᠢᠯᠳᠠᠨ ᠲᠠᠢ᠂ ᠮᠤᠩᠭ᠋ᠤᠯ ᠤᠯᠤᠰ ᠡᠴᠡ ᠵᠠᠯᠠᠭᠰᠠᠨ ᠬᠤᠶᠠᠷ ᠭᠤᠳᠤᠯᠴᠢᠨ ᠲᠠᠢ᠂ ᠵᠠᠭᠪᠤᠷ ᠤᠨ ᠬᠤᠪᠢ ᠳᠤ ᠮᠤᠩᠭ᠋ᠤᠯ᠂ ᠡᠧᠦ᠋ᠷᠦᠫᠠ ᠮᠠᠶ᠊ᠢᠭ ᠤᠨ ᠪᠠ ᠤᠯᠠᠮᠵᠢᠯᠠᠯᠳᠤ ᠤᠯᠠᠨ ᠰᠢᠨ᠎ᠡ ᠵᠠᠭᠪᠤᠷ ᠲᠠᠢ ᠪᠦᠭᠡᠳ ᠪᠦᠬᠦ ᠶᠠᠪᠤᠴᠠ ᠳᠤ ᠭᠠᠷ ᠬᠢᠴᠡ ᠲᠠᠢ ᠪᠡᠷ ᠢᠶᠡᠨ ᠤᠨᠴᠠᠯᠠᠬᠳᠠᠳᠠᠭ᠃ 

 

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121390959