蒙古文网站Logo
ᠰᠢᠨᠬᠤᠸᠠ ᠮᠤᠩᠭ᠋ᠤᠯ ᠨᠧᠲ

ᠦᠨᠢᠷ ᠲᠦᠯ ᠶᠢᠡᠨ ᠲᠤᠰᠤᠭᠠᠳ ᠦᠵᠦᠮᠦᠴᠢᠨ ᠨᠤᠲᠤᠭ ᠤᠨ ᠮᠠᠯᠴᠢᠳ ᠲᠠᠨᠢᠬᠦᠭᠡᠨ

2016-04-12 16:17

    ᠦᠩᠭᠡᠷᠡᠬᠦ ᠡᠪᠦᠯ ᠤᠨ ᠴᠠᠰᠤ ᠵᠤᠳ ᠦᠵᠦᠮᠦᠴᠢᠨ ᠨᠤᠲᠤᠭ ᠤᠨᠮᠠᠯᠴᠢᠳ ᠲᠤ ᠪᠠᠭ᠎ᠠ ᠪᠤᠰᠤ ᠬᠤᠬᠢᠷᠠᠯ ᠰᠦᠢᠲᠦᠯ ᠤᠴᠠᠷᠠᠭᠤᠯᠤᠭᠰᠠᠨ ᠶᠢᠡᠷ ᠦᠯᠦ ᠪᠠᠷᠠᠨ ᠠᠵᠤ ᠠᠬᠤᠢ ᠶᠢᠨ ᠲᠠᠷᠤᠭᠠᠰᠤ ᠴᠤ ᠠᠪᠴᠢᠷᠠᠪᠠ᠃ ᠲᠡᠷᠡᠴᠢᠯᠡᠨ ᠬᠠᠪᠤᠷ ᠡᠷᠲᠡ ᠪᠡᠷ ᠴᠤ ᠰᠠᠯᠬᠢ ᠲᠤᠭᠤᠰᠤ ᠲᠠᠢ ᠡᠲᠦᠷ ᠤᠯᠠᠰᠢᠷᠠᠵᠤ᠂ ᠠᠵᠢᠯᠴᠢ ᠬᠦᠲᠡᠯᠮᠦᠷᠢᠴᠢ ᠮᠠᠯᠴᠢᠳ ᠤᠨ ᠮᠢᠨᠢ ᠤᠶᠤᠨ ᠤᠬᠠᠭᠠᠨ᠂ ᠰᠢᠨᠲᠠᠰᠤ ᠵᠤᠷᠢᠭ ᠢ ᠰᠢᠯᠭᠠᠨ᠎ᠠ᠃

    ᠤᠷᠴᠢᠮ ᠦᠪᠦᠷ ᠮᠤᠩᠭ᠋ᠤᠯ ᠤᠨ ᠰᠢᠯᠢ ᠶᠢᠨ ᠭᠤᠤᠯ ᠠᠢᠢᠮᠠᠭ ᠤᠨ ᠵᠡᠬᠦᠨ ᠦᠵᠦᠮᠦᠴᠢᠨ ᠬᠤᠰᠢᠭᠤᠨ ᠤ ᠬᠦᠷᠢᠶᠡᠲᠦᠨᠠᠭᠤᠷ ᠰᠤᠮᠤᠨ ᠤ ᠬᠦ᠍ᠭ᠍ᠵᠢᠯᠲᠦ ᠭᠠᠴᠠᠭᠠᠨ ᠤ ᠬᠡᠰᠡᠭ ᠮᠠᠯᠴᠢᠨ ᠠᠢᠢᠯ ᠶᠢᠡᠷ ᠰᠤᠷᠪᠤᠯᠵᠢᠯᠠᠵᠤ᠂ ᠬᠠᠪᠤᠷ ᠤᠨ ᠲᠦᠯ ᠤᠨ ᠲᠤᠬᠠᠢ ᠲᠦᠭᠦᠮ ᠤᠢᠢᠯᠠᠭᠠᠪᠠ᠃ ᠲᠤᠰ ᠭᠠᠴᠠᠭᠠᠨ ᠤ ᠮᠠᠯᠴᠢᠨ ᠠᠮᠤᠭᠤᠯᠠᠩ᠂ ᠨᠠᠰᠤᠨᠬᠤᠷᠲᠤ ᠠᠬ᠎ᠠ ᠲᠡᠭᠦᠦ ᠬᠤᠶᠠᠭᠤᠯᠠ ᠪᠤᠯ ᠮᠠᠯ ᠰᠦᠷᠦᠭ ᠵᠤᠵᠠᠭᠠᠨ ᠡᠷᠦᠬᠡ ᠶᠢᠨ ᠨᠢᠭᠡ᠂ ᠦᠪᠡᠷ ᠶᠢᠡᠨ 3000 ᠮᠦ ᠨᠤᠲᠤᠭ ᠲᠠᠢ ᠲᠡᠭᠡᠷ᠎ᠡ ᠪᠠᠨ ᠪᠤᠰᠤᠳ ᠡᠴᠡ 1.5 ᠲᠦᠮᠡᠨ ᠮᠦ ᠨᠤᠲᠤᠭ ᠲᠦᠷᠢᠶᠡᠰᠦᠯᠡᠵᠦ ᠵᠢᠯ ᠤᠨ ᠲᠦᠷᠪᠡᠨ ᠤᠯᠠᠷᠢᠯ ᠳ᠋ᠤ ᠪᠡᠯᠴᠢᠭᠡᠷᠯᠡᠬᠦᠯᠬᠦ ᠪᠡᠷ ᠭᠤᠤᠯᠲᠠᠭᠤᠯᠤᠨ ᠮᠠᠯ ᠠᠵᠤ ᠠᠬᠤᠢ ᠪᠠᠨ ᠡᠵᠡᠩᠨᠡᠵᠦ ᠪᠠᠢᠢᠲᠠᠭ ᠪᠤᠯᠬᠤᠷ ᠡᠨᠡ ᠨᠢ ᠤᠷᠲᠤ ᠬᠤᠭᠤᠴᠠᠭ᠎ᠠ ᠪᠢᠲᠡᠭᠦᠦ ᠫᠸᠩ ᠰᠠᠷᠠᠪᠴᠢᠨ ᠳ᠋ᠤ ᠬᠤᠷᠢᠵᠤ᠂ ᠡᠪᠡᠰᠦ ᠪᠤᠷᠲᠤᠭᠠᠨ ᠳ᠋ᠤ ᠲᠦᠰᠢᠭᠯᠡᠵᠦ ᠮᠠᠯᠵᠢᠬᠤ ᠲᠠᠢ ᠬᠠᠷᠢᠴᠠᠭᠤᠯᠪᠠᠯ ᠨᠡᠯᠢᠶᠡᠳ ᠵᠦᠷᠢᠶᠠᠨ ᠲᠠᠢ ᠪᠠᠢᠢᠵᠤ᠂ ᠪᠡᠯᠴᠢᠭᠡᠵᠦ ᠮᠠᠯᠵᠢᠬᠤ ᠳ᠋ᠤ ᠮᠠᠯ ᠰᠦᠷᠦᠭ ᠨᠢ ᠴᠤᠯᠤ ᠪᠠᠢᠢᠭᠠᠯᠢᠯᠢᠭ ᠤᠷᠴᠢᠨ ᠳ᠋ᠤ ᠵᠤᠬᠢᠴᠠᠵᠤ᠂ ᠵᠤᠳ ᠭᠠᠮᠰᠢᠭ ᠪᠠ ᠬᠦᠢᠲᠠᠨ ᠳ᠋ᠤ ᠲᠡᠰᠪᠦᠷᠢᠲᠡᠢ ᠦᠯᠴᠢᠷ ᠪᠤᠯᠲᠠᠭ᠃ ᠡᠳᠡᠨᠡᠢᠢᠬᠢᠨ ᠡᠢᠢᠮᠦᠷᠬᠦᠦ ᠠᠷᠭ᠎ᠠ ᠪᠡᠷ ᠮᠠᠯ ᠠᠵᠤ ᠠᠬᠤᠢ ᠪᠠᠨ ᠡᠵᠡᠩᠨᠡᠭᠡᠳ ᠤᠯᠠᠨ ᠵᠢᠯ ᠪᠤᠯᠵᠤ ᠪᠠᠢᠢᠭ᠎ᠠ ᠮᠦᠷᠲᠡᠭᠡᠨ ᠮᠠᠯ ᠰᠦᠷᠦᠭ ᠨᠢ ᠴᠤ ᠵᠢᠯ ᠡᠴᠡ ᠵᠢᠯ ᠦᠨᠢᠷ ᠦᠰᠦᠭᠰᠡᠭᠡᠷ ᠢᠷᠡᠭᠰᠡᠨ ᠶᠤᠮ᠃ ᠨᠢᠲᠤᠨᠤᠨ 2 ᠲᠦᠮᠡᠨ ᠪᠤᠭᠤᠯᠲᠠ ᠡᠪᠡᠰᠦ ᠨᠦᠭᠡᠴᠡᠯᠡᠵᠦ᠂ ᠦᠩᠭᠡᠷᠡᠬᠦ ᠡᠪᠦᠯ ᠤᠨ ᠴᠠᠰᠤ ᠰᠢᠭᠤᠷᠭ᠎ᠠ ᠵᠤᠳ ᠲᠤ ᠮᠢᠩᠭ᠋᠎ᠠ ᠭᠠᠷᠤᠢ ᠪᠤᠭ ᠮᠠᠯ᠂ 150 ᠰᠢᠬᠠᠮ ᠦᠬᠡᠷ ᠶᠢᠡᠨ ᠮᠡᠨᠳᠦ ᠤᠨᠲᠤᠷᠤᠭᠤᠯᠤᠭᠰᠠᠨ ᠪᠠ ᠤᠲᠤᠬᠠᠨ 800 ᠭᠠᠷᠤᠢ ᠪᠤᠭ ᠮᠠᠯ ᠤᠨ ᠲᠦᠯ ᠲᠤᠰᠬᠤ ᠪᠡᠷ ᠪᠠᠢᠢᠭᠰᠠᠨ ᠶᠢᠡᠨ ᠨᠢᠭᠡᠨᠲᠡ 500 ᠭᠠᠷᠤᠢ ᠢ ᠨᠢ ᠲᠤᠰᠴᠤ᠂ ᠬᠤᠷᠢᠭᠠᠳ ᠦᠨᠢᠶ᠎ᠠ ᠲᠤᠭᠤᠯᠯᠠᠵᠤ᠂ ᠲᠦᠯ ᠤᠨ ᠤᠨᠲᠤᠷᠤᠯᠲᠠ 100ᠳ᠋ᠤ ᠬᠦᠷᠴᠦ ᠪᠤᠢ᠃ ᠵᠢᠯᠤᠨ ᠤᠷᠤᠯᠭ᠎ᠠ ᠨᠢ 40 ᠲᠦᠮᠡᠨ ᠲᠦᠭᠦᠷᠢᠭ᠌ ᠢ ᠲᠠᠪᠠᠲᠠᠭ ᠡᠨᠡᠬᠦ ᠴᠢᠨᠡᠭᠡᠯᠢᠭ᠌ ᠠᠮᠢᠲᠤᠷᠠᠯ ᠲᠠᠢ ᠮᠠᠯᠴᠢᠨ ᠠᠮᠤᠭᠤᠯᠠᠩ ᠨᠠᠰᠤᠨᠬᠤᠷᠲᠤ ᠠᠬ᠎ᠠ ᠲᠡᠭᠦᠦ ᠬᠤᠶᠠᠭᠤᠯᠠ ᠶᠢᠨ ᠵᠡᠷᠤᠲᠠᠯ ᠴᠤ ᠭᠡᠵᠦ ᠪᠠᠰᠠ ᠪᠠᠭ᠎᠎ᠠ ᠪᠤᠰᠤ ᠪᠠᠢᠢᠲᠠᠭ᠃

    -《 ᠭᠤᠤᠯᠲᠠᠭᠤ ᠬᠤᠨᠢᠨ ᠤ ᠬᠦᠮᠦᠨ ᠬᠦᠯᠦᠰᠦᠯᠡᠬᠦ᠂ ᠨᠤᠲᠤᠭ ᠪᠡᠯᠴᠢᠭᠡᠷ ᠲᠦᠷᠢᠶᠡᠰᠦᠯᠡᠬᠦ᠂ ᠡᠪᠡᠰᠦ ᠬᠠᠲᠤᠯᠠᠩ ᠲᠦᠷᠢᠶᠡᠰᠦᠯᠡᠬᠦ ᠰᠦᠢᠳᠭᠡᠯ ᠭᠡᠳ 20 ᠭᠠᠷᠤᠢ ᠲᠦᠮᠨ ᠶᠢ ᠨᠢ ᠵᠠᠷᠤᠴᠠᠭᠤᠯᠤᠭᠠᠳ ᠪᠠᠰᠠ ᠬᠦᠷᠬᠦ ᠦᠭᠡᠢ ᠰᠢᠦ》ᠭᠡᠵᠦ ᠶᠠᠷᠢᠵᠤ ᠪᠠᠢᠢᠯ᠎ᠠ᠃

    ᠲᠤᠰ ᠭᠠᠴᠠᠭᠠᠨ ᠤ ᠮᠠᠯᠴᠢᠨ ᠮᠠᠰᠢᠪᠢᠯᠢᠭ᠌ ᠤᠨ ᠬᠢᠨ ᠳ᠋ᠤ ᠬᠦᠷᠬᠦ ᠪᠡᠷ ᠪᠦᠰᠡᠬᠦᠢ ᠬᠦᠦᠳᠡᠬᠦᠲᠦ ᠨᠢ ᠰᠠᠶ‍ᠢᠬᠠᠨ ᠲᠤᠭᠤᠯᠯᠠᠭᠰᠠᠨ ᠦᠨᠢᠶ᠎ᠠ ᠪᠠᠨ ᠪᠠᠷᠢᠵᠤ᠂ ᠨᠢᠯᠬ᠎ᠠ ᠲᠤᠭᠤᠯ ᠢ ᠡᠬᠡ ᠳ᠋ᠤᠨᠢ ᠬᠦᠬᠦᠬᠦᠯᠬᠦ ᠭᠡᠵᠦ ᠬᠠᠰᠢᠶᠠᠨ ᠳ᠋ᠠᠭᠠᠨ ᠮᠤᠩᠭᠢᠨᠠᠵᠤ ᠪᠠᠢᠢᠬᠤ ᠲᠠᠢ ᠲᠠᠭᠠᠷᠠᠯᠲᠤᠯ᠎ᠠ᠃ ᠡᠳᠡᠨᠠᠢᠢᠬᠢᠨ 4 ᠠᠮᠠ ᠪᠦᠯᠢ ᠬᠦᠮᠦᠨ ᠠᠮᠠ ᠲᠠᠢ᠂ ᠲᠠᠭᠠᠭᠠᠴᠢᠯᠠᠵᠤ ᠤᠯᠤᠭᠰᠠᠨ 8400 ᠮᠦ ᠨᠤᠲᠤᠭ ᠲᠠᠭᠠᠨ 600 ᠭᠠᠷᠤᠢ ᠪᠤᠭ᠂ ᠲᠠᠪᠢᠭᠠᠳ ᠦᠬᠡᠷ ᠮᠠᠯᠵᠢᠵᠤ᠂ ᠡᠨᠡ ᠬᠠᠪᠤᠷ 300 ᠭᠠᠷᠤᠢ ᠪᠤᠭ ᠮᠠᠯ ᠤᠨ ᠲᠦᠯ ᠲᠤᠰᠬᠤ ᠲᠦᠯᠦᠪ ᠲᠠᠢ᠃ ᠤᠲᠤᠬᠠᠨ ᠶᠠᠭ ᠲᠦᠯ ᠲᠤᠰᠬᠤ ᠠᠵᠢᠯ ᠳ᠋ᠠᠭᠠᠨ ᠶᠠᠭᠠᠷᠠᠯᠲᠤᠵᠤ᠂ ᠨᠢᠭᠡᠡᠲᠡ ᠵᠠᠭᠤ ᠭᠠᠷᠤᠢ ᠪᠤᠭ ᠮᠠᠯ ᠤᠨ ᠲᠦᠯ ᠲᠤᠷᠨᠢᠭᠤᠨ ᠲᠦᠯ ᠲᠤᠰᠤᠭᠠᠳ ᠲᠤᠷᠨᠢᠭᠤᠨ ᠪᠤᠢᠢᠵᠢᠭᠤᠯᠵᠤ ᠪᠠᠢᠢᠨ᠎ᠠ᠃

    -《ᠮᠠᠯᠴᠢᠨ ᠬᠦᠮᠦᠨ ᠤ ᠬᠠᠪᠤᠷ ᠤᠨ ᠬᠤᠷᠢᠶᠠᠯᠲᠠ᠂ ᠲᠠᠷᠢᠶᠠᠴᠢᠨ ᠬᠦᠮᠦᠨ ᠤ ᠨᠠᠮᠤᠷ ᠤᠨ ᠬᠤᠷᠢᠶᠠᠯᠲᠠ》ᠭᠡᠲᠡᠭᠴᠢᠯᠠᠨ ᠤᠷᠢᠬᠠᠨ ᠬᠠᠪᠤᠷ ᠬᠦᠷᠴᠦ ᠢᠷᠡᠬᠦ ᠪᠡᠷ ᠮᠠᠯᠴᠢᠳ ᠤᠨ ᠬᠠᠮᠤᠭ ᠤᠨ ᠶᠠᠭᠠᠷᠠᠤ ᠠᠵᠢᠯ ᠤᠨ ᠬᠤᠭᠤᠴᠠᠭ᠎ᠠ ᠪᠤᠯᠲᠠᠭ᠃ ᠲᠤᠰ ᠭᠠᠴᠠᠭᠠᠨ ᠤ ᠮᠠᠯᠴᠢᠨ ᠡᠷᠲᠡᠨᠢᠪᠢᠯᠢᠭ᠌ ᠤᠨ ᠬᠢᠨ ᠳ᠋ᠤ ᠬᠦᠷᠬᠦ ᠳ᠋ᠤ ᠲᠦᠯ ᠮᠠᠯ ᠶᠢᠡᠨ ᠤᠰᠤᠯᠠᠬᠤ ᠭᠡᠳ ᠬᠤᠳᠲᠤᠭ ᠲᠡᠭᠡᠷ᠎ᠡ ᠪᠠᠨ ᠮᠤᠩᠭᠢᠨᠠᠵᠤ ᠪᠠᠢᠢᠯ᠎ᠠ᠃ ᠭᠡᠷ ᠲᠡᠭᠡᠨ 4 ᠠᠮᠠ ᠪᠦᠯᠢ ᠲᠠᠢ ᠡᠷᠲᠡᠨᠢᠪᠢᠯᠢᠭ᠌ ᠤᠨ ᠬᠢᠨ ᠪᠠᠭ᠎ᠠ ᠰᠤᠷᠭᠠᠭᠤᠯᠢ ᠳ᠋ᠤ ᠰᠤᠷᠤᠯᠴᠠᠭ᠎ᠠ ᠬᠤᠶᠠᠷ ᠬᠡᠦᠬᠡᠳ ᠶᠢᠡᠨ ᠲᠦᠯ ᠤᠨ ᠬᠤᠭᠤᠴᠠᠭ᠎ᠠ ᠪᠤᠯᠬᠤ ᠪᠡᠷ ᠰᠠᠲᠤᠨ ᠲᠦᠷᠦᠯ ᠤᠨ ᠳ᠋ᠡᠭᠡᠨ ᠰᠠᠭᠤᠯᠭᠠᠵᠤ᠂ ᠦᠪᠡᠷ ᠶᠢᠡᠨ ᠪᠦᠰᠡᠬᠦᠢ ᠲᠠᠨ᠎ᠠ ᠲᠠᠢ ᠪᠠᠨ ᠲᠦᠯ ᠲᠤᠰᠬᠤ ᠠᠵᠢᠯ ᠳ᠋ᠠᠭᠠᠨ ᠪᠤᠷᠪᠢ ᠪᠤᠬᠢ ᠰᠬᠢᠯ ᠦᠭᠡᠢ ᠲᠠᠮᠦᠯᠠᠵᠦ ᠶᠠᠭᠠᠷᠠᠨ᠎ᠠ᠃ ᠡᠳᠡᠨᠡᠢᠢᠬᠢᠨ ᠦᠩᠭᠡᠷᠡᠬᠦ ᠡᠪᠦᠯ 200 ᠭᠠᠷᠤᠢ ᠪᠤᠭ ᠮᠠᠯ᠂ ᠠᠷᠪᠠᠭᠠᠳ ᠦᠬᠡᠷ ᠡᠪᠦᠯᠵᠢᠵᠦ᠂ ᠡᠨᠡ ᠬᠠᠪᠤᠷ 200 ᠭᠠᠷᠤᠢ ᠪᠤᠭ ᠮᠠᠯ ᠤᠨ ᠲᠦᠯ ᠲᠤᠰᠬᠤ ᠪᠡᠷ ᠪᠠᠢᠢᠵᠤ᠂ ᠤᠲᠤᠬᠠᠨ ᠳ᠋ᠤ ᠨᠢᠭᠡᠨᠲᠡ ᠵᠠᠭᠤ ᠭᠠᠷᠤᠢ ᠨᠢ ᠲᠦᠯᠯᠡᠭᠡᠳ ᠲᠤᠰᠴᠤ᠂ ᠤᠨᠲᠤᠷᠤᠯᠲᠠ ᠨᠢ 98ᠳ᠋ᠤ ᠬᠦᠷᠦᠭᠰᠡᠨ ᠪᠠᠢᠢᠨ᠎ᠠ᠃ ( ᠤ·ᠠᠷᠪᠢᠨᠪᠠᠶᠠᠷ)

(ᠵᠢᠷᠤᠭ ᠢ ᠤ·ᠠᠷᠪᠢᠨᠪᠠᠶᠠᠷ ᠵᠢᠷᠤᠭᠯᠠᠪᠠ)

 
ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118599276