蒙古文网站Logo
ᠰᠢᠨᠬᠤᠸᠠ ᠮᠤᠩᠭ᠋ᠤᠯ ᠨᠧᠲ

ᠨᠡᠢᠢᠰᠯᠡᠯ ᠪᠡᠭᠡᠵᠢᠩ ᠡᠴᠡ ᠴᠤᠤᠷᠢᠶᠠᠲᠤᠭᠰᠠᠨ ᠮᠤᠩᠭ᠋ᠤᠯ ᠡᠭᠡᠰᠢᠭ᠍ᠯᠡᠩ

2016-04-18 10:20

    ᠰᠢᠨᠬᠤᠸᠠ ᠮᠤᠩᠭ᠋ᠤᠯ ᠨᠸᠲ  ᠬᠦᠬᠡᠬᠤᠲᠠ ᠶᠢᠨ 4 ᠰᠠᠷ᠎ᠠ ᠶᠢᠨ 18 ᠤ ᠡᠲᠦᠷ ᠤᠨ ᠴᠠᠬᠢᠯᠭᠠᠨ ᠮᠡᠳᠡᠭᠡ ( ᠬ·ᠦᠵᠡᠰᠭᠦᠯᠡᠩ) 2016 ᠤᠨ ᠤ 4 ᠰᠠᠷ᠎ᠠ ᠶᠢᠨ 9 ᠤ ᠦᠲᠠ ᠶᠢᠨ ᠬᠤᠢᠢᠨ᠎ᠠ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠸᠸᠨ ᠬᠤᠸᠠ ᠵᠢᠭᠠᠨ ᠰᠤᠷᠭᠠᠬᠤ ᠠᠰᠠᠷ ᠤᠨ ᠨᠠᠢ‍ᠮᠠᠲᠤᠭᠠᠷ ᠲᠠᠪᠬᠤᠷᠭ᠎ᠠ ᠳ᠋ᠤ ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠰᠠᠢᠢᠨ ᠳᠤᠷᠠᠲᠠᠨ ᠰᠤᠷᠤᠨ᠎ᠠ ᠬᠡᠦᠬᠡᠳ ᠤᠨ 14 ᠳ᠋ᠤᠭᠡᠷ ᠠᠩᠭᠢ ᠳ᠋ᠤ ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠰᠦᠯᠲᠠ ᠲᠠᠭᠤᠤ ᠪᠠᠨ ᠵᠢᠭᠠᠵᠤ ᠪᠠᠢᠢᠯ᠎ᠠ᠃

    ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠵᠠᠬᠢᠷᠤᠯ ᠰᠠᠷᠠᠭᠤᠯ᠄《ᠡᠨᠡ ᠵᠢᠯ ᠤᠨ 3 ᠰᠠᠷ᠎ᠠ ᠶᠢᠨ 5 ᠤ ᠡᠲᠦᠷ ᠮᠡᠨ ᠤ ᠬᠡᠯᠡ ᠰᠤᠶᠤᠯ ᠤᠨ ᠠᠩᠬᠢ ᠶᠢᠨ ᠠᠷᠪᠠᠨ ᠵᠢᠷᠭᠤᠲᠤᠭᠠᠷ ᠬᠤᠭᠤᠴᠠᠭ᠎ᠠ ᠪᠠᠨ ᠠᠮᠵᠢᠯᠲᠠ ᠲᠠᠢ ᠪᠡᠷ ᠬᠢᠴᠢᠶᠠᠯ ᠡᠬᠢᠯᠡᠭᠦᠯᠤᠯ᠎ᠠ᠃ ᠲᠤᠰ ᠰᠤᠷᠤᠯᠭ᠎ᠠ ᠶᠢᠨ ᠬᠤᠭᠠᠤᠴᠠᠭᠠᠨ  ᠳᠤ ᠮᠠᠨ ᠤ ᠬᠡᠯᠡ ᠰᠤᠶᠤᠯ ᠤᠨ ᠠᠩᠬᠢ ᠶᠢᠨ ᠬᠡᠦᠬᠡᠳ ᠤᠨ ᠪᠠ ᠨᠠᠰᠤᠨ ᠳ᠋ᠤ ᠬᠦᠷᠦᠭᠰᠡᠳ ᠤᠨ ᠠᠩᠬᠢ ᠳ᠋ᠠᠭᠠᠨ ᠤᠩᠰᠢᠯᠭ᠎ᠠ᠂ ᠬᠡᠯᠡ ᠰᠤᠶᠤᠯ ᠂ ᠲᠠᠭᠤᠤ ᠪᠦᠵᠢᠭ᠌᠂ ᠪᠦᠬᠡ ᠶᠢᠨ     ᠬᠢᠴᠢᠶᠠᠯ    ᠲᠤᠬᠢᠷᠠᠭᠤᠯᠤᠬᠰᠠᠨ》ᠭᠡᠯ᠎᠎᠎ᠠ᠃

ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠵᠠᠬᠢᠷᠤᠯ ᠰᠠᠷᠠᠭᠤᠯ

    ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠪᠤᠯ ᠮᠤᠩᠭ᠋ᠤᠯ ᠦᠭᠡ ᠬᠡᠯᠡ ᠦᠰᠦᠭ ᠪᠢᠴᠢᠭ᠌ ᠰᠤᠷᠴᠤ ᠬᠡᠷᠡᠭᠯᠡᠬᠦ ᠪᠠ ᠮᠤᠩᠭ᠋ᠤᠯ ᠰᠤᠶᠤᠯ ᠢ ᠲᠠᠨᠢᠭᠤᠯᠵᠤ ᠤᠬᠠᠭᠤᠯᠬᠤ ᠵᠤᠷᠢᠯᠲᠠ ᠲᠠᠢ ᠨᠡᠢᠢᠲᠡ ᠶᠢᠨ ᠠᠰᠠᠷᠠᠮᠵᠢ ᠶᠢᠨ ᠵᠤᠬᠢᠶᠠᠨ ᠪᠠᠢᠢᠭᠤᠯᠤᠯᠲᠠ ᠶᠤᠮ᠃ ᠨᠠ‍ᠢ‍ᠮᠠᠨ ᠵᠢᠯ ᠤᠨ ᠲᠤᠷᠰᠢ ᠮᠤᠩᠭ᠋ᠤᠯ᠂ ᠬᠢᠲᠠᠳ᠂ ᠲᠦᠪᠡᠳ᠂ ᠤᠢᠢᠭᠤᠷ᠂ ᠬᠤᠲᠤᠩ᠂ ᠮᠤᠩᠭ᠋ᠤᠷ᠂ ᠪᠠᠢ ᠵᠡᠷᠭᠡ 20 ᠢᠯᠡᠭᠦᠦ ᠦᠨᠳᠦᠰᠦᠲᠡᠨ ᠤ 1900 ᠭᠠᠷᠤᠢ ᠰᠤᠷᠤᠭᠴᠢ  ᠬᠦᠮᠦᠵᠢᠭᠦᠯᠦᠨ᠂ 100 ᠭᠠᠷᠤᠢ ᠪᠠᠭᠰᠢ ᠰᠤᠷᠤᠭᠴᠢ ᠰᠠᠢᠢᠨ ᠲᠤᠷᠠᠲᠠᠳ ᠶᠢᠡᠷ ᠠᠵᠢᠯᠯᠠᠵᠤ ᠪᠠᠶᠢᠨ᠎ᠠ᠃

ᠤᠶᠤᠲᠠᠨ ᠰᠠᠢᠢᠨ ᠲᠤᠷᠠᠲᠠᠳ ᠬᠢᠴᠢᠶᠠᠯ ᠵᠢᠭᠠᠨ᠎ᠠ

(ᠵᠢᠷᠤᠭ ᠢ ·ᠦᠵᠡᠰᠭᠦᠯᠡᠩ ᠵᠢᠷᠤᠭᠯᠠᠪᠠ)

 

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118651174