蒙古文网站Logo
ᠰᠢᠨᠬᠤᠸᠠ ᠮᠤᠩᠭ᠋ᠤᠯ ᠨᠧᠲ

ᠡᠬᠡ ᠬᠡᠯᠠ ᠪᠡᠨ ᠤᠬᠠᠭᠠᠨ ᠴᠢᠳᠠᠯ ᠵᠢᠡᠷ ᠵᠢᠠᠨ ᠲᠡᠭᠡᠳᠦᠯᠡᠵᠤ ᠶᠠᠪᠤᠭ᠎ᠠ ᠮᠣᠩᠭᠣᠯ ᠵᠠᠯᠠᠭᠤ

2016-06-01 14:57

    ᠤᠨ ᠵᠢᠯ ᠡᠭᠡᠯᠵᠢᠭᠰᠡᠭᠡᠷ21ᠳ᠋ᠤᠭᠡᠷ ᠵᠠᠭᠤᠨ ᠪᠤᠯᠬᠤ ᠳ᠋ᠤ ᠲᠡᠯᠡᠭᠡᠢ ᠶᠢᠷᠳᠢᠠᠴᠤ ᠵᠢᠨ ᠬᠦᠭ᠍ᠵᠢᠯᠳᠠ ᠬᠤᠪᠢᠷᠠᠯᠳᠠ ᠬᠦᠮᠦᠰ ᠢ ᠭᠠᠢᠢᠬᠠᠰᠢ ᠠᠯᠳᠠᠭᠤᠯᠵᠤ ᠂ ᠦᠵᠡᠬᠦ ᠳ᠋ᠤ ᠠᠯᠢᠪᠠ ᠪᠦᠬᠦᠨ ᠪᠦᠷ ᠦᠪᠡᠷ ᠤᠨ ᠬᠦᠭ᠍ᠵᠢᠯᠳᠠ ᠵᠢᠨ ᠵᠢᠮ᠎ᠠ ᠶᠤᠰᠤᠭᠠᠷ ᠤᠯᠠᠷᠢᠵᠤ ᠬᠦᠭ᠍ᠵᠢᠵᠤ ᠪᠠᠢᠢᠭ᠎ᠠ ᠰᠢᠬ ᠰᠠᠨᠠᠭᠳᠠᠨ᠎ᠠ ᠃ ᠭᠡᠳᠡᠯ᠎ᠠ ᠮᠠᠨ ᠤ ᠮᠤᠩᠭ᠋ᠤᠯᠴᠤᠳ ᠲᠤ ᠬᠠᠷᠢᠨ ᠤᠷᠢᠳ ᠡᠮᠦᠨ᠎ᠠ ᠭᠠᠷᠤᠭ᠎ᠠ ᠦᠭᠡᠢ ᠭᠡᠯᠠᠡ ᠤ ᠤᠷᠴᠢᠨ ᠢᠪᠴᠤᠷᠠᠵᠤ ᠮᠣᠩᠭᠣᠯ ᠲᠡᠷᠯᠢᠭ ᠡᠮᠦᠰᠬᠦ ᠨᠢ ᠤᠯᠠᠰᠢᠷᠠᠭᠠᠳ ᠬᠤᠭᠤᠷᠬᠠᠢ ᠭᠡᠯᠠ ᠪᠡᠷ ᠶᠠᠷᠢᠬᠤ ᠨᠢ ᠠᠷᠪᠢᠳᠠᠭᠠᠳ ᠂ ᠮᠣᠩᠭᠣᠯ ᠰᠤᠶᠤᠯ ᠤᠨ ᠲᠦᠯᠦᠭᠡ ᠰᠠᠨᠠᠭ᠎ᠠ ᠵᠤᠪᠠᠵᠤ ᠰᠡᠬᠦᠷᠡᠰᠦ ᠠᠯᠳᠠᠬᠤ ᠮᠠᠭᠤ ᠵᠠᠶᠠᠭ᠎ᠠ ᠪᠡᠨ ᠪᠢᠳᠠ ᠪᠦᠬᠦᠨ ᠵᠢᠰᠦ ᠪᠡᠷ ᠵᠢᠡᠨ ᠪᠢᠰᠢ ᠵᠢᠷᠦᠭᠡ ᠪᠡᠷ ᠵᠢᠡᠨ ᠠᠮᠳᠠᠯᠠᠵᠤ ᠪᠠᠢᠢᠨ᠎ᠠ ᠃

    ᠰᠢᠨᠵᠢᠶᠠᠩ ᠤᠨ ᠤᠢᠢᠭᠤᠷ ᠤᠨ ᠦᠪᠡᠷᠲᠡᠭᠡᠨ ᠵᠠᠰᠠᠬᠤ ᠤᠷᠤᠨ ᠤ ᠪᠤᠷᠤᠳᠠᠯ᠎ᠠ ᠮᠤᠩᠭ᠋ᠤᠯ ᠦᠪᠡᠷᠲᠡᠭᠡᠨ ᠵᠠᠰᠠᠬᠤ ᠵᠸᠤ ᠶᠢᠨ ᠲᠠᠪᠤᠳᠤᠭᠠᠷ ᠱᠢ ᠵᠢᠨ ᠲᠠᠰᠤᠷᠬᠠᠢ ᠨᠤᠳᠤᠭ ᠲᠠᠢ ᠮᠣᠩᠭᠣᠯ ᠵᠠᠯᠠᠭᠤ ᠤᠶᠤᠠᠳᠤᠷᠵᠢ ᠪᠤᠯ ᠶᠤᠰᠤᠳᠠᠢ ᠵᠢᠷᠦᠭᠡᠨ ᠳ᠋ᠡᠭᠡᠨ ᠲᠠᠮᠢᠷ ᠲᠠᠢ ᠵᠡᠬᠦᠳᠦᠨ ᠳ᠋ᠡᠭᠡᠨ ᠬᠦᠰᠡᠯ ᠲᠠᠢ ᠲᠦᠷᠦᠭᠰᠠᠨ ᠵᠠᠯᠠᠭᠤ ᠪᠠᠢᠢᠨ᠎ᠠ ᠃ ᠲᠡᠬᠦᠨ ᠤ ᠤᠠᠳᠤᠷᠤᠮᠠᠯ ᠪᠤᠯᠠᠭ ᠰᠢᠬ ᠠᠷᠢᠭᠤᠨ ᠬᠠᠢᠢᠷ᠎ᠠ ᠤᠶᠤᠨ ᠤ ᠪᠡᠨ ᠰᠢᠮ᠎ᠠ ᠪᠡᠷ ᠮᠣᠩᠭᠣᠯ ᠭᠡᠤᠭᠡᠳ ᠲᠤ ᠮᠣᠩᠭᠣᠯ ᠭᠡᠯᠠ ᠵᠢᠭᠠᠵᠤ ᠨᠤᠳᠤᠭ ᠤᠨ ᠬᠦᠮᠦᠰ ᠤᠨ ᠰᠡᠳᠬᠢᠯ ᠢ ᠲᠤᠯᠠᠭᠠᠴᠠᠭᠤᠯᠵᠤ ᠶᠠᠪᠤᠭ᠎ᠠ ᠦᠢᠯᠡ ᠠᠵᠢᠯᠯᠠᠭ᠎ᠠ ᠨᠢ ᠶᠠᠭᠠᠭᠢᠬᠤ ᠵᠢᠨ ᠠᠷᠭ᠎ᠠ ᠦᠭᠡᠢ ᠤᠯᠠᠨ ᠬᠦᠮᠦᠰ ᠢ ᠪᠢᠰᠢᠷᠡᠬᠦᠯᠪᠡ ᠃

    ᠨᠠᠷᠠ ᠬᠤᠷ᠎ᠠ ᠲᠡᠭᠰᠢᠷᠡᠭᠰᠠᠨ ᠲᠠᠪᠤᠨ ᠰᠠᠷ᠎ᠠ ᠵᠢᠨ ᠨᠠᠢᠮᠠᠨ ᠤ ᠡᠭᠡᠴᠦᠦᠯ ᠤᠨ ᠪᠠᠶᠠᠷ ᠤᠨ ᠡᠳᠦᠷ ᠪᠢ ᠤᠶᠤᠠᠳᠤᠷᠵᠢ ᠵᠢ ᠰᠤᠷᠪᠤᠯᠵᠢᠯᠠᠪᠠ ᠃ ᠬᠦᠷᠦᠭᠰᠠᠨ ᠴᠢᠨᠢ ᠤᠶᠤᠠᠳᠤᠷᠵᠢ ᠶᠠᠭ ᠮᠣᠩᠭᠣᠯ ᠭᠡᠤᠭᠡᠳ ᠲᠤ ᠬᠢᠴᠢᠶᠠᠯ ᠵᠢᠭᠠᠵᠤ ᠲᠠᠢ ᠲᠠᠭᠠᠷᠠᠯᠳᠤᠪᠠ ᠃ ᠬᠢᠴᠢᠶᠡᠯ ᠤᠨ ᠭᠡᠷ ᠲᠤ ᠭᠡᠤᠭᠡᠳ ᠦᠠᠳᠦᠷ ᠲᠠᠭᠤ ᠪᠡᠷ ᠠ ᠡ ᠭᠡᠵᠤ ᠤᠩᠰᠢᠬᠤ ᠵᠢ ᠰᠤᠨᠤᠰᠤᠭᠠᠳ ᠲᠤᠳᠤᠷ᠎ᠠ ᠮᠢᠨᠢ ᠨᠢᠭᠡ ᠵᠦᠢᠯ ᠤᠨ ᠭᠡᠯᠡᠵᠤ ᠲᠠᠶᠢᠯᠬᠦ ᠦᠭᠡᠢ ᠰᠡᠳᠬᠢᠯᠭᠡ ᠪᠤᠢ ᠪᠤᠯᠵᠤ ᠂ ᠭᠱᠠᠨ ᠵᠠᠭᠤᠷ᠎ᠠ ᠪᠠᠶᠠᠷᠯᠠᠬᠤ ᠬᠦᠭ᠍ᠰᠡᠬᠦ ᠰᠡᠳᠬᠢᠯᠭᠡ ᠪᠦᠬᠦ ᠪᠡᠶ᠎ᠠ ᠵᠢ ᠮᠢᠨᠢ ᠦᠪᠡᠷ ᠤᠨ ᠡᠷᠭᠡ ᠦᠭᠡᠢ ᠡᠵᠡᠮᠳᠡᠪᠡ ᠃ ᠭᠡᠴᠢᠨᠡᠨ ᠵᠢᠯ ᠪᠤᠯᠵᠤ ᠪᠠᠢᠢᠭ᠎ᠠ ᠵᠢ ᠪᠤᠤ ᠮᠡᠳᠠ ᠂ ᠮᠣᠩᠭᠣᠯ ᠰᠤᠷᠭᠠᠭᠤᠯᠢ ᠨᠤᠭᠤᠳ ᠡᠬᠦᠳᠠ ᠪᠡᠨ ᠬᠠᠭᠠᠭᠰᠠᠨ ᠡᠴᠨᠰᠢᠯᠲᠠᠭᠠᠯᠠᠭᠲᠠᠵᠤᠮᠠᠨ ᠤ ᠡᠠᠳᠠᠬᠢ ᠵᠢᠨ ᠮᠣᠩᠭᠣᠯ ᠭᠡᠤᠭᠡᠳ ᠭᠢᠳᠠᠳ ᠰᠤᠷᠭᠠᠭᠤᠯᠢ ᠳ᠋ᠤ ᠪᠢᠴᠢᠭ᠌ ᠦᠵᠡᠬᠦ ᠪᠤᠯᠤᠭᠰᠠᠨ ᠪᠤᠯᠬᠤᠷ ᠨᠢᠳᠦᠨ ᠡᠮᠤᠨᠠᠬᠢ ᠦᠵᠡᠭᠳᠠᠯ ᠨᠢ ᠨᠠᠳᠠ ᠵᠢ ᠤᠯᠠᠨ ᠤᠯᠠᠨ ᠶᠠᠭᠤᠮ᠎ᠠ ᠪᠤᠳᠤᠭᠤᠯᠪᠠ ᠃ ᠲᠠᠮᠠᠢ ᠤᠳᠠᠭᠰᠠᠨ ᠦᠭᠡᠢ ᠮᠢᠨᠦ ᠰᠤᠷᠪᠤᠯᠵᠢᠯᠠᠭ᠎ᠠ ᠴᠤ ᠡᠬᠢᠯᠡᠪᠡ ᠃

    ᠡᠨᠠ ᠵᠢᠯ 46 ᠨᠠᠰᠤᠳᠠᠢ ᠤᠶᠤᠠᠳᠤᠷᠵᠢ ᠪᠤᠯ ᠰᠢᠨᠵᠢᠶᠠᠩ ᠤᠨ ᠤᠢᠢᠭᠤᠷ ᠤᠨ ᠦᠪᠡᠷᠲᠡᠭᠡᠨ ᠵᠠᠰᠠᠬᠤ ᠤᠷᠤᠨ ᠤ ᠪᠤᠷᠤᠳᠠᠯ᠎ᠠ ᠮᠤᠩᠭ᠋ᠤᠯ ᠦᠪᠡᠷᠲᠡᠭᠡᠨ ᠵᠠᠰᠠᠬᠤ ᠵᠸᠤ ᠵᠢᠨ ᠲᠠᠪᠤᠳᠤᠭᠠᠷ ᠱᠢ ᠵᠢᠨ89ᠳ᠋ᠤᠭᠡᠷ ᠲᠤᠸᠠᠨ(ᠲᠠᠰᠤᠷᠬᠠᠢ ᠭᠡᠵᠤ ᠪᠠᠰᠠ ᠨᠡᠷᠡᠯᠡᠳᠡᠭ)ᠤ ᠲᠤᠮᠳᠠᠳᠤ ᠰᠤᠷᠭᠠᠭᠤᠯᠢ ᠵᠢᠨ ᠲᠡᠳ᠋ ᠵᠠᠬᠢᠷᠤᠯ ᠶᠤᠮ ᠃ ᠲᠡᠷᠠ ᠤᠭ ᠲᠠᠭᠠᠨ89ᠳ᠋ᠤᠭᠡᠷ ᠲᠤᠸᠠᠨ ᠤ ᠦᠠᠳᠦᠰᠦᠳᠠᠨ ᠤ ᠲᠤᠮᠳᠠᠳᠤ ᠰᠤᠷᠭᠠᠭᠤᠯᠢ ᠵᠢᠨ ᠡᠩ ᠤᠨ ᠪᠠᠭᠰᠢ ᠪᠠᠢᠢᠵᠠᠢ ᠃ ᠠᠷᠪᠠᠨ ᠵᠢᠯ ᠤᠨ ᠡᠮᠦᠨ᠎ᠠ89ᠳ᠋ᠤᠭᠡᠷ ᠲᠤᠸᠠᠨ ᠤ ᠦᠠᠳᠦᠰᠦᠳᠠᠨ ᠤ ᠲᠤᠮᠳᠠᠳᠤ ᠰᠤᠷᠭᠠᠭᠤᠯᠢ ᠨᠢ ᠬᠢᠳᠠᠳ ᠰᠤᠷᠭᠠᠭᠤᠯᠢ ᠲᠠᠢ ᠨᠡᠢᠢᠯᠡᠬᠦ ᠦᠶ᠎ᠠ ᠳ᠋ᠤ ᠮᠣᠩᠭᠣᠯ ᠵᠢᠡᠷ ᠰᠤᠷᠬᠤ ᠭᠡᠤᠭᠡᠤᠨ ᠦᠠᠳᠦᠰᠦᠨ ᠳ᠋ᠡᠭᠡᠨ ᠦᠭᠡᠢ ᠪᠤᠯᠵᠤ ᠂ ᠲᠤᠬᠠᠢ ᠵᠢᠨ ᠦᠶ᠎ᠠ ᠳ᠋ᠤ ᠮᠣᠩᠭᠣᠯ ᠪᠠᠭᠰᠢ ᠨᠠᠷ ᠤᠨ ᠤᠯᠠᠩᠭᠢ ᠨᠢ ᠪᠦᠷ ᠬᠠᠰᠠᠭ ᠦᠢᠭᠤᠷ ᠠᠩᠭᠢ ᠳ᠋ᠤ ᠬᠢᠳᠠᠳ ᠬᠡᠯᠠ ᠵᠢᠭᠠᠬᠤ ᠪᠤᠯᠤᠭᠰᠠᠨ ᠲᠤᠯᠠ ᠤᠶᠤᠠᠳᠤᠷᠵᠢ ᠴᠤ ᠶᠠᠷᠢᠶᠠᠨ ᠦᠭᠡᠢ ᠬᠢᠳᠠᠳ ᠬᠡᠯᠡᠨ ᠤ ᠪᠠᠭᠰᠢ ᠪᠡᠷ ᠠᠵᠢᠯᠯᠠᠵᠠᠢ ᠃ ᠡᠬᠦᠨ ᠢ ᠲᠠᠭᠠᠯᠳᠤᠨ ᠤᠶᠤᠠᠳᠤᠷᠵᠢ ᠵᠢᠨ ᠦᠪᠡᠷ ᠤᠨ ᠬᠢᠨᠢ ᠭᠡᠤᠭᠡᠤᠨ ᠨᠢ ᠴᠤ ᠮᠤᠩᠭ᠋ᠤᠯ ᠠᠩᠭᠢ ᠦᠭᠡᠢ ᠪᠤᠯᠬᠤᠷ ᠠᠷᠭ᠎ᠠ ᠦᠭᠡᠢ ᠬᠢᠳᠠᠳ ᠠᠩᠭᠢ ᠳ᠋ᠤ ᠤᠷᠤᠵᠤ ᠰᠤᠷᠤᠯᠴᠠᠭᠰᠠᠨ ᠪᠠᠢᠢᠨ᠎ᠠ ᠃ ᠡᠨᠡᠬᠦ ᠶᠠᠪᠤᠳᠠᠯ ᠨᠢ ᠲᠡᠬᠦᠨ ᠳ᠋ᠤ ᠮᠠᠰᠢ ᠶᠡᠭᠡ ᠴᠤᠬᠢᠯᠳᠠ ᠦᠭᠴᠤ ᠂ ᠠᠭᠠᠵᠢᠮ ᠳ᠋ᠠᠭᠠᠨ ᠲᠡᠬᠦᠨ ᠤ ᠰᠠᠨᠠᠭᠠᠨ ᠤ ᠵᠤᠪᠠᠯᠠᠩ ᠪᠤᠯᠵᠠᠢ ᠃ ᠢᠩᠭᠢᠭᠡᠳ2013ᠤᠨ ᠤ ᠡᠪᠦᠯ ᠤᠨ ᠠᠮᠠᠷᠠᠯᠳᠠ ᠵᠢᠨ ᠬᠤᠭᠤᠴᠠᠭᠠᠨ ᠳ᠋ᠤ ᠤᠶᠤᠠᠳᠤᠷᠵᠢ ᠬᠤᠶᠠᠷ ᠭᠡᠤᠭᠡᠳ ᠳᠡᠭᠡᠨ ᠭᠡᠷ ᠲᠡᠭᠡᠨ ᠮᠣᠩᠭᠣᠯ ᠭᠡᠯᠠ ᠵᠢᠭᠠᠵᠤ ᠡᠬᠢᠯᠡᠭᠰᠠᠨ ᠪᠠᠢᠢᠨ᠎ᠠ ᠃ ᠤᠳᠠᠭᠰᠠᠨ ᠦᠭᠡᠢ ᠬᠠᠵᠠᠭᠤ ᠬᠠᠪᠢ ᠵᠢᠨ ᠮᠤᠩᠭ᠋ᠤᠯᠴᠤᠳ ᠤᠶᠤᠠᠳᠤᠷᠵᠢ ᠵᠢᠨ ᠭᠡᠤᠭᠡᠳ ᠲᠡᠭᠡᠨ ᠮᠣᠩᠭᠣᠯ ᠭᠡᠯᠠ ᠪᠢᠴᠢᠭ᠌ ᠵᠢᠭᠠᠵᠤ ᠪᠠᠢᠢᠬᠤ ᠴᠢᠮᠡᠭᠡ ᠵᠢ ᠰᠤᠨᠤᠰᠤᠭᠠᠳ ᠭᠡᠤᠭᠡᠤᠨ ᠵᠢᠡᠨ ᠤᠶᠤᠠᠳᠤᠷᠵᠢ ᠳ᠋ᠤ ᠬᠦᠷᠭᠡᠨ ᠠᠪᠴᠢᠷᠠᠭᠠᠳ ᠪᠠᠢᠢᠭᠰᠠᠭᠠᠷ ᠡᠴᠦᠰ ᠲᠡᠭᠡᠨ20ᠰᠤᠷᠤᠭᠴᠢ ᠬᠦᠷᠴᠤ ᠭᠡᠷ ᠲᠤᠨᠢ ᠪᠠᠭᠳᠠᠬᠤ ᠦᠭᠡᠢ ᠪᠤᠯᠵᠤ ᠂ ᠲᠤᠸᠠᠨ ᠳ᠋ᠤ ᠤᠢᠢᠷᠬᠠᠨ ᠪᠠᠢᠢᠭ᠎ᠠ ᠮᠤᠩᠭ᠋ᠤᠯᠴᠤᠳ ᠲᠦᠪᠯᠡᠷᠡᠨ ᠰᠠᠭᠤᠭᠰᠠᠨ7ᠳ᠋ᠤᠭᠠᠷ ᠯᠢᠶᠠᠨ ᠤ ᠤᠳᠤᠷᠢᠳᠤᠯᠭ᠎ᠠ ᠨᠠᠷ ᠲᠠᠢ ᠶᠠᠷᠢᠯᠴᠠᠨ ᠪᠠᠢᠢᠵᠤ ᠯᠢᠶᠠᠠᠳᠦ᠋ᠢ ᠵᠢᠨ ᠬᠤᠷᠠᠯ ᠤᠨ ᠭᠡᠷ ᠲᠤ ᠬᠢᠴᠢᠶᠠᠯ ᠤᠷᠤᠬᠤ ᠪᠤᠯᠤᠭᠰᠠᠨ ᠵᠢᠡᠷ ᠪᠠᠷᠠᠬᠤ ᠦᠭᠡᠢ ᠂ ᠡᠪᠦᠯ ᠵᠤᠨ ᠤ ᠠᠮᠠᠷᠠᠯᠳᠠ ᠳ᠋ᠤ ᠴᠦ ᠦᠷᠭᠦᠯᠵᠢᠯᠡᠨ ᠬᠢᠴᠢᠶᠠᠯ ᠵᠢᠭᠠᠭᠰᠠᠭᠠᠷ ᠢᠷᠡᠭᠰᠠᠨ ᠪᠠᠢᠢᠨ᠎ᠠ ᠃ ᠲᠡᠭᠡᠬᠦ ᠳ᠋ᠡᠭᠡᠨ ᠲᠡᠷᠡ ᠶᠠᠮᠠᠷᠴᠤ ᠦᠨ᠎ᠠ ᠲᠦᠯᠦᠪᠦᠷᠢ ᠦᠭᠡᠢ ᠪᠡᠷ ᠵᠢᠭᠠᠵᠠᠢ ᠃

    ᠰᠤᠷᠭᠠᠭᠤᠯᠢ ᠵᠢᠨ ᠲᠡᠳ᠋ ᠵᠠᠬᠢᠷᠤᠯ ᠤᠨ ᠲᠤᠰᠢᠶᠠᠯ ᠢ ᠡᠭᠦᠷᠭᠡᠯᠡᠭᠡᠳ ᠬᠤᠶᠠᠷ ᠵᠢᠯ ᠪᠤᠯᠤᠭᠰᠠᠨ ᠤᠶᠤᠠᠳᠤᠷᠵᠢ ᠡᠨᠡ ᠵᠢᠯ ᠡᠴᠨ ᠡᠬᠢᠯᠠᠨ ᠬᠠᠮᠳᠤ ᠠᠵᠢᠯᠯᠠᠵᠤ ᠪᠠᠢᠢᠭ᠎ᠠ ᠬᠠᠯᠠᠭᠤᠨ ᠰᠡᠳᠬᠢᠯ ᠲᠠᠢ ᠮᠣᠩᠭᠣᠯ ᠪᠠᠭᠰᠢ ᠪᠠᠳᠤ ᠂ ᠱᠸᠩᠯᠢ ᠂ ᠪᠠᠶᠠᠭ᠎ᠠ ᠂ ᠦᠯᠵᠠᠢᠢᠪᠠᠳᠤ ᠂ ᠰᠡᠷᠬᠦᠯᠡᠩ ᠢ ᠲᠠᠢᠢᠴᠢᠯᠠᠨ ᠲᠠᠰᠤᠷᠬᠠᠢ ᠵᠢᠨ ᠮᠣᠩᠭᠣᠯ ᠭᠡᠯᠠ ᠪᠢᠴᠢᠭ᠌ ᠤᠨ ᠠᠩᠭᠢ ᠵᠢᠨ ᠲᠤᠭᠤᠢᠢᠯᠠᠩ ᠢ ᠪᠦᠷᠢᠯᠲᠦᠭᠦᠯᠵᠦ ᠂ ᠰᠤᠷᠭᠠᠭᠤᠯᠢ ᠵᠢᠨ ᠵᠢᠡᠨ ᠨᠢᠭᠡ ᠭᠢᠴᠢᠶᠠᠯ ᠤᠨ ᠲᠠᠰᠤᠭ ᠢ ᠮᠣᠩᠭᠣᠯ ᠬᠡᠯᠠ ᠪᠢᠴᠢᠭ᠌ ᠵᠢᠭᠠᠬᠤ ᠲᠠᠰᠤᠭ ᠪᠤᠯᠭᠠᠨ ᠂ ᠭᠠᠷᠠᠭ ᠪᠦᠷᠢ ᠵᠢᠨ ᠦᠳᠠ ᠵᠢᠨ ᠬᠤᠢᠢᠨ᠎ᠠ ᠬᠤᠶᠠᠷ ᠴᠠᠭ ᠮᠣᠩᠭᠣᠯ ᠬᠡᠯᠠ ᠪᠢᠴᠢᠭ᠌ ᠵᠢᠭᠠᠵᠠᠢ ᠃ ᠪᠢᠲᠠᠨ ᠤ ᠰᠤᠷᠪᠤᠯᠵᠢᠯᠠᠭ᠎ᠠ ᠶᠠᠪᠤᠭᠳᠠᠵᠤ ᠪᠠᠢᠢᠳᠠᠯ᠎ᠠ ᠲᠤᠷᠭᠠᠨ ᠭᠡᠰᠡᠨ ᠭᠡᠷ ᠤᠨ ᠠᠬᠠᠠᠮᠠᠳ15ᠺᠢᠯᠣᠮᠸᠲ᠋ᠷ ᠵᠠᠢᠢᠳᠠᠢ ᠪᠠᠢᠢᠭ᠎ᠠ81ᠳ᠋ᠤᠭᠡᠷ ᠲᠤᠸᠠᠨ ᠡᠴᠨ ᠭᠦᠦ ᠪᠡᠨ ᠬᠦᠷᠭᠡᠨ ᠢᠷᠡᠭᠰᠠᠨ ᠲᠠᠢ ᠤᠴᠠᠷᠠᠪᠠ ᠃ ᠦᠢᠯᠠᠭᠠᠭᠰᠠᠨ ᠵᠢᠡᠷ ᠂ ᠡᠨᠡᠬᠦ ᠮᠣᠩᠭᠣᠯ ᠭᠡᠯᠠ ᠰᠤᠷᠴᠤ ᠪᠠᠢᠢᠭ᠎ᠠ ᠭᠡᠤᠭᠡᠳ ᠤᠨ ᠲᠤᠳᠤᠷ᠎ᠠ ᠬᠠᠮᠤᠭ ᠪᠠᠭ᠎ᠠ ᠨᠢ6ᠨᠠᠰᠤᠳᠠᠢ ᠂ ᠶᠡᠭᠡ ᠨᠢ12ᠨᠠᠰᠤᠳᠠᠢ ᠪᠠᠢᠢᠵᠤ ᠂ ᠪᠤᠷᠤᠳᠠᠯ᠎ᠠ ᠬᠤᠳᠠ ᠵᠢᠨ ᠤᠢ ᠰᠢᠭᠤᠢ ᠵᠢᠨ ᠲᠤᠪᠴᠢᠶ᠎ᠠ ᠳ᠋ᠤ ᠠᠵᠢᠯᠯᠠᠳᠠᠭ ᠭᠣᠣ ᠢᠤᠢ ᠭᠡᠮᠡᠬᠦ ᠬᠢᠳᠠᠳ ᠭᠡᠤᠭᠡᠨ ᠲᠤᠰᠬᠠᠢᠢᠯᠠᠨ ᠪᠤᠷᠤᠳᠠᠯ᠎ᠠ ᠡᠴᠨ ᠡᠨᠳᠡ ᠢᠷᠡᠵᠤ ᠮᠤᠩᠭ᠋ᠤᠯ ᠭᠡᠯᠠ ᠪᠢᠴᠢᠭ᠌ ᠰᠤᠷᠴᠤ ᠪᠠᠢᠢᠳᠠᠭ ᠪᠠᠢᠢᠨ᠎ᠠ ᠃

    ᠤᠶᠤᠠᠳᠤᠷᠵᠢ ᠰᠤᠷᠪᠤᠯᠵᠢᠯᠠᠭᠴᠢ ᠳ᠋ᠤ ᠄ᠭᠡᠤᠭᠡᠳ ᠠᠩᠬ᠎ᠠ ᠰᠤᠷᠴᠤ ᠪᠠᠢᠢᠬᠤ ᠦᠶ᠎ᠠ ᠳ᠋ᠡᠭᠡᠨ ᠭᠡᠯᠠ ᠠᠮᠠ ᠨᠢ ᠮᠠᠰᠢ ᠬᠦᠰᠢᠬᠦᠨ ᠪᠠᠢᠢᠵᠤ ᠂ ᠮᠣᠩᠭᠣᠯ ᠵᠢᠡᠷ ᠶᠠᠷᠢᠬᠤ ᠳ᠋ᠤ ᠲᠤᠢᠢᠯ ᠤᠨ ᠬᠦᠴᠢᠷᠳᠡᠵᠤ ᠪᠠᠢᠢᠭᠰᠠᠨ ᠂ ᠤᠳᠤ ᠬᠠᠷᠢᠨ ᠮᠣᠩᠭᠣᠯ ᠵᠢᠡᠷ ᠰᠠᠢᠬᠠᠨ ᠶᠠᠷᠢᠵᠤ ᠪᠠᠰᠠ ᠪᠢᠴᠢᠵᠤ ᠴᠢᠳᠠᠬᠤ ᠪᠤᠯᠤᠭᠰᠠᠨᠭᠡᠵᠤ ᠬᠡᠯᠡᠬᠦ ᠳ᠋ᠤ ᠶᠡᠷᠦ ᠡᠴᠨ ᠪᠡᠨ ᠦᠭᠡ ᠲᠠᠭᠤ ᠴᠦᠭᠡᠨ ᠲᠠᠢ ᠲᠡᠬᠦᠨ ᠤ ᠴᠢᠷᠠᠢ ᠳ᠋ᠤ ᠬᠠᠨᠤᠮᠵᠢᠳᠠᠢ ᠢᠨᠢᠶᠡᠮᠰᠦᠭᠯᠡᠯ ᠲᠤᠳᠤᠷᠠᠵᠤ ᠪᠠᠢᠢᠯ᠎ᠠ ᠃

    ᠰᠤᠷᠪᠤᠯᠵᠢᠯᠠᠭᠴᠢ ᠲᠡᠬᠦᠨ ᠡᠴᠨ ᠄ᠲᠠᠨ ᠤ ᠢᠩᠭᠢᠵᠤ ᠬᠢᠬᠦ ᠵᠢᠨ ᠭᠤᠤᠯ ᠵᠤᠷᠢᠯᠭ᠎ᠠ ᠶᠠᠭᠤ ᠪᠤᠢ?ᠭᠡᠪᠡᠯ ᠲᠡᠷᠠ ᠄ᠪᠢ ᠲᠤᠮᠤ ᠲᠤᠮᠤ ᠶᠤᠰᠤ ᠤᠴᠢᠷ ᠢ ᠶᠠᠷᠢᠬᠤ ᠲᠤᠷ᠎ᠠ ᠦᠭᠡᠢ ᠂ ᠲᠦᠷᠦᠯᠬᠢ ᠮᠣᠩᠭᠣᠯ ᠭᠡᠯᠠ ᠪᠡᠨ ᠦᠰᠪᠦᠷᠢ ᠪᠠᠭ᠎ᠠ ᠭᠡᠤᠭᠡᠳ ᠲᠡᠭᠡᠨ ᠵᠢᠭᠠᠵᠤ ᠂ ᠲᠡᠳᠡᠨ ᠢ ᠬᠠᠷᠠᠬᠠᠨ ᠪᠠᠭ᠎ᠠ ᠡᠴᠨ ᠨᠢ ᠦᠠᠳᠦᠰᠦᠳᠠᠨ ᠤ ᠪᠡᠨ ᠦᠭᠡ ᠭᠡᠯᠠ ᠵᠢ ᠰᠤᠷᠴᠤ ᠤᠯᠠᠮᠵᠢᠯᠠᠭᠤᠯᠬᠤ ᠭᠡᠰᠡᠨ ᠶᠤᠮ ᠃ ᠮᠦᠡᠴᠦ ᠡᠨᠡᠬᠦ ᠦᠴᠦᠭᠡᠨ ᠠᠵᠢᠯᠯᠠᠭ᠎ᠠ ᠮᠢᠨᠢ ᠦᠢ ᠤᠯᠠᠨ ᠮᠤᠩᠭ᠋ᠤᠯᠴᠤᠳ ᠲᠤ ᠰᠡᠩᠭᠡᠷᠡᠬᠦᠯᠦᠯ ᠪᠤᠯᠤᠬ ᠭᠡᠰᠡᠨ ᠵᠤᠷᠢᠯᠭ᠎ᠠ ᠶᠤᠮ ᠃ ᠦᠠᠳᠦᠰᠦᠳᠠᠨ ᠤ ᠪᠡᠨ ᠦᠪ ᠰᠤᠶᠤᠯ ᠦᠭᠡ ᠭᠡᠯᠠ ᠵᠢ ᠬᠠᠢᠢᠷᠠᠯᠠᠨ ᠬᠠᠮᠠᠭᠠᠯᠠᠵᠤ ᠂ ᠤᠯᠠᠮᠵᠢᠯᠠᠨ ᠬᠦᠭ᠍ᠵᠢᠬᠦᠯᠬᠦ ᠳ᠋ᠤ ᠭᠠᠭᠴᠠ ᠬᠤᠶᠠᠷ ᠬᠦᠮᠦᠨ ᠢ ᠲᠦᠰᠢᠭᠡᠳ ᠪᠤᠯᠬᠤ ᠦᠭᠡᠢ ᠂ ᠬᠠᠷᠢᠨ ᠪᠦᠬᠦ ᠮᠤᠩᠭ᠋ᠤᠯᠴᠤᠳ ᠬᠠᠮᠳᠤ ᠳ᠋ᠠᠭᠠᠨ ᠬᠦᠳᠡᠯᠦᠯᠴᠡᠵᠤ ᠴᠢᠷᠮᠠᠢᠢᠪᠠᠯ ᠲᠠᠭᠠᠷᠠᠨ᠎ᠠᠭᠡᠯ᠎ᠠ ᠃

    ᠤᠶᠤᠠᠳᠤᠷᠵᠢ ᠵᠢᠨ ᠭᠡᠯᠡᠬᠦ ᠲᠠᠭᠠᠷᠠᠨ᠎ᠠ ᠂ ᠮᠣᠩᠭᠣᠯ ᠦᠭᠡ ᠭᠡᠯᠠ ᠪᠡᠨ ᠬᠦᠭ᠍ᠵᠢᠬᠦᠯᠬᠦ ᠳ᠋ᠤ ᠨᠢᠭᠡ ᠬᠤᠶᠠᠷᠬᠠᠨ ᠬᠦᠮᠦᠨ ᠳ᠋ᠤ ᠲᠦᠰᠢᠭᠯᠡᠭᠡᠳ ᠪᠤᠯᠬᠤ ᠪᠢᠰᠢ ᠂ ᠬᠠᠷᠢᠨ ᠪᠦᠬᠦ ᠮᠤᠩᠭ᠋ᠤᠯᠴᠤᠳ ᠰᠡᠳᠬᠢᠯ ᠨᠢᠭᠡᠳᠦᠨ ᠬᠠᠮᠳᠤ ᠳ᠋ᠠᠭᠠᠨ ᠭᠠᠷ ᠬᠦᠳᠡᠯᠪᠠᠯ ᠮᠤᠩᠭ᠋ᠤᠯ ᠰᠤᠶᠤᠯ ᠵᠢᠡᠨ ᠬᠦᠭ᠍ᠵᠢᠬᠦᠯᠬᠦ ᠡᠷᠡᠮᠡᠯᠵᠡᠯ ᠲᠠᠢ ᠪᠤᠯᠬᠤ ᠶᠤᠮ ᠂ ᠪᠢᠳᠠᠨ ᠢ ᠮᠤᠩᠭ᠋ᠤᠯ ᠠᠮᠢ ᠨᠠᠰᠤ ᠲᠠᠢ ᠪᠤᠯᠭᠠᠭᠰᠠᠨ ᠨᠢ ᠮᠤᠩᠭ᠋ᠤᠯ ᠮᠤᠷᠢ ᠮᠣᠩᠭᠣᠯ ᠲᠡᠪᠡᠯ᠂ ᠰᠦ᠋ ᠲᠠᠢ ᠴᠠᠢ ᠪᠢᠰᠢ ᠂ ᠬᠠᠷᠢᠨ ᠮᠣᠩᠭᠣᠯ ᠦᠭᠡ ᠭᠡᠯᠠ ᠦᠰᠦᠭ ᠪᠢᠴᠢᠭ᠌ ᠶᠤᠮ ᠃ ᠡᠨᠡ ᠨᠢ ᠶᠠᠭ ᠯᠨ ᠦᠠᠳᠦᠰᠦ ᠦᠭᠡᠢ ᠴᠡᠴᠡᠭ ᠢ ᠭᠡᠳᠦᠢ ᠤᠰᠤᠯᠠᠭᠰᠠᠨ ᠴᠤ ᠂ ᠶᠠᠭᠠᠭᠢᠵᠤ ᠰᠢᠮ᠎ᠠ ᠤᠷᠤᠭᠤᠯᠤᠭᠰᠠᠨ ᠴᠤ ᠦᠠᠳᠦᠰᠦ ᠦᠭᠡᠢ ᠶᠤᠮ ᠴᠢᠨᠢ ᠲᠡᠷᠠ ᠬᠡᠵᠢᠶᠠᠳᠠ ᠠᠮᠢᠳᠤᠷᠠᠬᠤ ᠦᠭᠡᠢ ᠶᠤᠮ ᠃ ᠦᠢ ᠤᠯᠠᠨ ᠮᠤᠩᠭ᠋ᠤᠯᠴᠤᠳ ᠮᠢᠨᠢ ᠂ ᠪᠢᠳᠠᠨ ᠳ᠋ᠤ ᠶᠠᠭᠤ ᠲᠤᠳᠠᠭᠳᠠᠵᠤ ᠪᠠᠢᠢᠬᠤ ᠪᠤᠢ ᠭᠡᠪᠡᠯ ᠤᠶᠤᠠᠳᠤᠷᠵᠢ ᠮᠡᠳᠦ ᠵᠢᠨ ᠤᠯᠠᠨ ᠤᠯᠠᠨ ᠵᠠᠯᠠᠭᠣᠴᠤᠳ ᠮᠣᠩᠭᠣᠯ ᠰᠤᠶᠤᠯ ᠤᠨ ᠲᠦᠯᠦᠭᠡ ᠬᠠᠷᠠᠮ ᠦᠭᠡᠢ ᠵᠢᠳᠬᠦᠬᠦ ᠬᠠᠯᠠᠰᠢᠷᠠᠯ ᠦᠭᠡᠢ ᠴᠢᠷᠮᠠᠢᠢᠬᠤ ᠢᠳᠡᠭᠡᠯ ᠵᠤᠷᠢᠭ ᠪᠤᠯᠤᠨ ᠡᠷᠬᠢᠮ ᠨᠠᠠᠳᠢᠨ ᠠᠵᠢᠯᠯᠠᠭ᠎ᠠ ᠲᠤᠳᠠᠭᠳᠠᠵᠤ ᠪᠠᠢᠢᠨ᠎ᠠ ᠂ ᠪᠢᠳᠠ ᠦᠩᠭᠡᠷᠡᠭᠰᠠᠨ ᠲᠡᠦᠬᠡᠨ ᠳ᠋ᠡᠭᠡᠨ ᠯᠨ ᠤᠮᠤᠷᠬᠠᠬᠯᠠᠵᠤ ᠂ ᠦᠨᠦᠳᠦᠷ ᠤᠨ ᠭᠤᠨᠢᠭ ᠪᠡᠨ ᠪᠤᠳᠤᠬᠤ ᠦᠭᠡᠢ ᠪᠤᠯᠬᠤ ᠦᠭᠡᠢ ᠰᠢᠦ!ᠲᠡᠢᠢᠮᠦ ᠡᠴᠡ ᠦᠭᠡ ᠲᠠᠢ ᠦᠰᠦᠭ ᠲᠠᠢ ᠦᠭᠡᠳᠠ ᠲᠠᠢ ᠦᠩᠭᠡ ᠲᠠᠢ ᠪᠤᠰᠤᠳ ᠦᠠᠳᠦᠰᠦᠳᠠᠨ ᠲᠠᠢ ᠡᠩ ᠵᠡᠷᠭᠡᠴᠡᠨ ᠤᠷᠤᠭᠰᠢᠯᠠᠶ᠎ᠠ ᠭᠡᠪᠡᠯ ᠵᠠᠪᠠᠯ ᠦᠪᠡᠷ ᠤᠨ ᠦᠭᠡ ᠬᠡᠯᠠ ᠪᠡᠨ ᠬᠠᠢᠢᠷᠠᠯᠠᠨ ᠬᠠᠮᠠᠭᠠᠯᠠᠵᠤ ᠤᠯᠠᠮᠵᠢᠯᠠᠨ ᠬᠦᠭ᠍ᠵᠢᠬᠦᠯᠬᠦ ᠭᠡᠷᠡᠭᠳᠠᠢ ᠃ ᠦᠭᠡᠢ ᠪᠤᠯ ᠭᠤᠨᠢᠭᠳᠠᠢ ᠲᠡᠤᠭᠡ ᠪᠢᠳᠠᠨ ᠢ ᠬᠦᠯᠢᠶᠠᠵᠤ ᠪᠠᠢᠢᠨ᠎ᠠ ᠭᠡᠵᠦ ᠮᠡᠳᠡᠭᠡᠷᠡᠢ!(ᠤᠺᠠ)

ᠢᠷᠡᠯᠳᠡ᠄ ᠪᠤᠷᠤᠲᠠᠯ᠎ᠠ ᠶᠢᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118970514