蒙古文网站Logo
ᠰᠢᠨᠬᠤᠸᠠ ᠮᠤᠩᠭ᠋ᠤᠯ ᠨᠧᠲ

ᠭᠤᠷᠯᠤᠰ ᠮᠤᠩᠭ᠋ᠤᠯᠴᠤᠳ ᠪᠤᠭᠳᠠ ᠡᠵᠡᠨ ᠴᠢᠩᠭᠢᠰ ᠬᠠᠭᠠᠨ ‍ᠤ ᠮᠡᠨᠳᠦᠯᠡᠭᠰᠡᠨ 854 ᠵᠢᠯ ‍ᠤᠨ ᠤᠢ ᠶ᠋ᠢ ᠲᠤᠷᠠᠰᠬᠠᠬᠤ ᠲᠠᠬᠢᠯᠭ᠎ᠠ ᠶᠠᠪᠤᠭᠲᠠᠭᠤᠯᠵᠠᠢ

2016-06-02 16:56

    5ᠰᠠᠷ᠎ᠠ ᠶ᠋ᠢᠨ31 ᠤ ᠡᠲᠦᠷ(ᠪᠢᠯᠢᠭ᠌ ‍ᠤᠨ ᠤᠯᠠᠷᠢᠯ ‍ᠤᠨ 4ᠰᠠᠷ᠎ᠠ ᠶ᠋ᠢᠨ 25 ᠤ ᠡᠳᠦᠷ) ᠂ ᠬᠢᠷᠢᠨ ᠮᠤᠵᠢ ᠳ᠋ᠤ ᠦᠪᠡᠷᠳᠡᠬᠡᠨ ᠵᠠᠰᠠᠬᠤ ᠡᠷᠬᠡ ᠪᠠᠨ ᠬᠡᠷᠡᠭᠵᠢᠬᠦᠯᠵᠦ ᠂ ᠦᠪ ᠰᠤᠶᠤᠯ ᠤᠳᠤᠮ ᠤᠭᠰᠠᠭ᠎ᠠ ᠬᠡᠮᠡᠨ ᠵᠢᠳᠬᠦᠳᠡᠭ ᠡᠮᠦᠨᠡᠳᠦ ᠭᠤᠷᠯᠤᠰ ‍ᠤᠨ ᠮᠤᠩᠭ᠋ᠤᠯ ᠦᠨᠳᠦᠰᠦᠳᠡᠨ ‍ᠤ ᠦᠪᠡᠷᠳᠡᠬᠡᠨ ᠵᠠᠰᠠᠬᠤ ᠰᠢᠶᠠᠨ ‍ᠤ ᠮᠤᠩᠭ᠋ᠤᠯᠴᠤᠳ ᠡᠴᠡ ᠰᠦᠩᠶᠤᠸᠠᠨ ᠬᠤᠳᠠ ᠶ᠋ᠢᠨ ᠮᠤᠩᠭ᠋ᠤᠯ ᠦᠪ ᠰᠤᠶᠤᠯ ‍ᠤᠨ ᠬᠠᠮᠠᠭᠠᠯᠠᠯᠳᠠ ᠶ᠋ᠢᠨ ᠨᠡᠶᠢᠬᠡᠮᠯᠢᠭ᠌ ᠂ ᠡᠮᠦᠨᠡᠳᠦ ᠭᠤᠷᠯᠤᠰ ᠰᠢᠶᠠᠨ ‍ᠤ ᠴᠢᠩᠭᠢᠰ ᠬᠠᠭᠠᠨ ᠰᠤᠶᠤᠯ ‍ᠤᠨ ᠬᠦᠷᠢᠶᠡᠯᠡᠩ ‍ᠤᠨ ᠬᠠᠮᠢᠶᠠᠷᠤᠯᠳᠠ ᠶ᠋ᠢᠨ ᠲᠦᠪ ᠪᠤᠯᠤᠨ ᠡᠮᠦᠨᠡᠳᠦ ᠭᠤᠷᠯᠤᠰ ᠰᠢᠶᠠᠨ ‍ᠤ ᠪᠤᠳᠠᠰ ‍ᠤᠨ ᠪᠤᠰᠤ ᠰᠤᠶᠤᠯ ‍ᠤᠨ ᠦᠪ ‍ᠤᠨ ᠬᠠᠮᠠᠭᠠᠯᠠᠯᠳᠠ ᠶ᠋ᠢᠨ ᠲᠦᠪ ‍ᠤᠨ ᠰᠠᠨᠠᠭᠠᠴᠢᠯᠠᠭ᠎ᠠ ᠪᠡᠷ ᠴᠢᠩᠭᠢᠰ ᠬᠠᠭᠠᠨ ᠰᠤᠶᠤᠯ ‍ᠤᠨ ᠬᠦᠷᠢᠶᠡᠯᠡᠩ ᠳ᠋ᠤ ᠪᠤᠭᠳᠠ ᠡᠵᠡᠨ ᠴᠢᠩᠭᠢᠰ ᠬᠠᠭᠠᠨ ‍ᠤ ᠮᠡᠨᠳᠦᠯᠡᠭᠰᠡᠨ854ᠵᠢᠯ ‍ᠤᠨ ᠤᠢ ᠶ᠋ᠢ ᠲᠤᠷᠠᠰᠬᠠᠬᠤ ᠲᠠᠬᠢᠯᠭ᠎ᠠ ᠶᠠᠪᠤᠭᠳᠠᠭᠤᠯᠵᠠᠢ ᠃

    ᠭᠢᠷᠢᠨ ᠮᠤᠵᠢ ᠶᠢᠨ ᠰᠦᠩᠶᠤᠸᠠᠨ ᠬᠤᠳᠠ ᠶ᠋ᠢᠨ ᠮᠤᠩᠭ᠋ᠤᠯ ᠦᠪ ᠰᠤᠶᠤᠯ ‍ᠤᠨ ᠬᠠᠮᠠᠭᠠᠯᠠᠯᠳᠠ ᠶ᠋ᠢᠨ ᠨᠡᠶᠢᠬᠡᠮᠯᠢᠭ᠌ ‍ᠤᠨ ᠲᠠᠷᠤᠭ᠎ᠠ ᠂ ᠡᠮᠦᠨᠡᠳᠦ ᠭᠤᠷᠯᠤᠰ ᠰᠢᠶᠠᠨ ‍ᠤ ᠴᠢᠩᠭᠢᠰ ᠬᠠᠭᠠᠨ ᠰᠤᠶᠤᠯ ‍ᠤᠨ ᠬᠦᠷᠢᠶᠡᠯᠡᠩ ‍ᠤᠨ ᠬᠠᠮᠢᠶᠠᠷᠤᠯᠳᠠ ᠶ᠋ᠢᠨ ᠲᠦᠪ ‍ᠤᠨ ᠡᠷᠬᠢᠯᠡᠭᠴᠢ ᠢᠯᠴᠢ ᠲᠠᠬᠢᠯᠭ᠎ᠠ ᠡᠬᠢᠯᠡᠭᠰᠡᠨ ‍ᠢ ᠲᠤᠩᠬᠠᠭᠯᠠᠵᠦ ᠂ᠨᠤᠳᠤᠭ ‍ᠤᠨ ᠪᠤᠭᠤᠷᠤᠯ ᠪᠤᠤᠰᠢᠶᠠᠩ ᠪᠠᠭᠰᠢ ᠪᠤᠯᠤᠨ ᠬᠢᠷᠢᠨ ᠮᠤᠵᠢ ᠶ᠋ᠢᠨ ᠮᠤᠩᠭ᠋ᠤᠯ ᠰᠤᠶᠤᠯ ᠬᠢᠬᠡᠳ ᠠᠵᠦ ᠠᠬᠤᠢ ᠶ᠋ᠢ ᠠᠬᠢᠭᠤᠯᠬᠤ ᠨᠡᠶᠢᠬᠡᠮᠯᠢᠭ᠌ ‍ᠤᠨ ᠳᠡᠳ᠋ ᠲᠠᠷᠤᠭ᠎ᠠ ᠪᠠᠶᠠᠨᠬᠡᠰᠢᠭ᠌ ᠡᠴᠡ ᠤᠯᠠᠭᠠᠨ ᠪᠠᠴᠢᠨ ᠵᠢᠯ ‍ᠤᠨ ᠴᠢᠩᠭᠢᠰ ᠬᠠᠭᠠᠨ ‍ᠤ ᠲᠠᠬᠢᠯᠭ᠎ᠠ ᠶ᠋ᠢᠨ ᠦᠬᠡ ᠶ᠋ᠢ ᠤᠩᠰᠢᠪᠡ ᠃ ᠬᠦᠬᠡᠬᠤᠳᠠ ᠶ᠋ᠢᠨ ᠠᠳᠤᠭᠤᠴᠢᠨ ᠬᠦᠷᠦᠭ ᠱᠤᠭᠤᠮᠠᠯ ‍ᠤᠨ ᠬᠢᠵᠠᠭᠠᠷᠳᠤ ᠺᠤᠮᠫᠠᠨᠢ ᠂ ᠦᠪᠦᠷ ᠮᠤᠩᠭ᠋ᠤᠯ ‍ᠤᠨ ᠦᠨᠳᠦᠰᠦᠳᠡᠨ ‍ᠤ ᠶᠡᠬᠡ ᠰᠤᠷᠭᠠᠭᠤᠯᠢ ᠂ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠬᠢᠩᠭ᠋ᠠᠨ ᠠᠶᠢᠮᠠᠭ ᠂ ᠲᠦᠩᠯᠢᠶᠤᠤ ᠬᠤᠳᠠ ᠡᠴᠡ ᠬᠦᠷᠦᠯᠴᠡᠨ ᠢᠷᠡᠭᠰᠡᠨ ᠬᠤᠯᠠ ᠶ᠋ᠢᠨ ᠵᠤᠴᠢᠳ ᠵᠢᠴᠢ ᠭᠤᠷᠯᠤᠰ ᠨᠤᠳᠤᠭ ‍ᠤᠨ ᠮᠤᠩᠭ᠋ᠤᠯᠴᠤᠳ500ᠭᠠᠷᠤᠢ ᠬᠦᠮᠦᠨ ᠲᠠᠬᠢᠯᠭ᠎ᠠ ᠳ᠋ᠤ ᠤᠷᠤᠯᠴᠠᠪᠠ ᠃

    ᠤᠶᠢᠷ᠎ᠡ ᠶ᠋ᠢᠨ ᠵᠢᠯ ᠡᠴᠡ ᠂ ᠭᠢᠷᠢᠨ ᠮᠤᠵᠢ ᠶᠢᠨ ᠡᠮᠦᠨᠡᠳᠦ ᠭᠤᠷᠯᠤᠰ ᠰᠢᠶᠠᠨ ‍ᠤ ᠨᠠᠮ ‍ᠤᠨ ᠬᠤᠷᠢᠶ᠎ᠠ ᠵᠠᠰᠠᠭ ‍ᠤᠨ ᠤᠷᠳᠤᠨ ᠡᠴᠡ ᠦᠨᠳᠦᠰᠦᠳᠡᠨ ‍ᠤ ᠦᠪ ᠰᠤᠶᠤᠯ ᠂ ᠰᠤᠷᠭᠠᠨ ᠬᠦᠮᠦᠵᠢᠯ ‍ᠤᠨ ᠦᠢᠯᠡᠰ ‍ᠢ ᠪᠠᠳᠤ ᠠᠳᠬᠤᠭᠰᠠᠭᠠᠷ ᠢᠷᠡᠭᠰᠡᠨ ᠪᠦᠬᠡᠳ ᠠᠷᠠᠳ ‍ᠤᠨ ᠲᠤᠮᠳᠠ ᠤᠯᠠᠨ ᠠᠷᠪᠢᠨ ᠨᠡᠶᠢᠬᠡᠮᠯᠢᠭ᠌ ᠪᠦᠯᠬᠦᠮ ᠪᠠᠶᠢᠭᠤᠯᠤᠭᠳᠠᠨ ᠂ ᠡᠭᠦᠨ ᠤ ᠤᠯᠠᠮ ᠡᠴᠡ ᠡᠮᠦᠨᠡᠳᠦ ᠭᠤᠷᠯᠤᠰᠴᠤᠳ ‍ᠤᠨ ᠦᠨᠳᠦᠰᠦᠳᠡᠨ ‍ᠤ ᠦᠪ ᠰᠤᠶᠤᠯ ᠢᠶᠡᠨ ᠦᠪᠯᠡᠨ ᠲᠡᠬᠡᠳᠦᠯᠡᠬᠦ ᠤᠬᠠᠮᠠᠰᠠᠷ ᠤᠯᠠᠮ ᠲᠡᠬᠡᠭ᠍ᠰᠢᠯᠡᠵᠦ ᠪᠤᠢ ᠃

    ᠴᠢᠩᠭᠢᠰ ᠬᠠᠭᠠᠨ ᠰᠤᠶᠤᠯ ‍ᠤᠨ ᠬᠦᠷᠢᠶᠡᠯᠡᠩ ᠨᠢ ᠭᠤᠷᠯᠤᠰ ᠮᠤᠩᠭ᠋ᠤᠯᠴᠤᠳ ‍ᠤᠨ ᠡᠪᠦᠬᠡ ᠲᠡᠬᠡᠳᠦ ᠪᠠᠨ ᠬᠦᠨᠳᠦᠳᠬᠡᠨ ᠪᠢᠰᠢᠷᠡᠵᠦ ᠂ ᠰᠦᠵᠢᠭᠯᠡᠨ ᠲᠠᠬᠢᠳᠠᠭ ᠲᠠᠷᠬᠠᠨ ᠤᠷᠤᠨ ᠪᠤᠯᠤᠭᠰᠡᠨ ᠪᠦᠬᠡᠳ ᠴᠢᠩᠭᠢᠰ ᠬᠠᠭᠠᠨ ‍ᠤ ᠰᠠᠷ᠎ᠠ ᠰᠢᠨ᠎ᠡ ᠶ᠋ᠢᠨ ᠲᠠᠬᠢᠯᠭ᠎ᠠ ᠂ ᠭᠤᠷᠯᠤᠰ ᠮᠤᠩᠭ᠋ᠤᠯᠴᠤᠳ ‍ᠤᠨ ᠬᠠᠮᠳᠤ ᠶ᠋ᠢᠨ ᠭᠠᠯ ᠲᠠᠬᠢᠯᠭ᠎ᠠ ᠵᠢᠴᠢ ᠪᠤᠳᠠᠰ ‍ᠤᠨ ᠪᠤᠰᠤ ᠰᠤᠶᠤᠯ ‍ᠤᠨ ᠦᠪ ‍ᠤᠨ ᠦᠵᠡᠬᠦᠯᠦᠯᠬᠡ ᠶ᠋ᠢᠨ ᠲᠤᠭᠯᠠᠯᠳᠠ ᠵᠡᠷᠬᠡ ᠤᠨᠴᠠᠯᠢᠭᠳᠤ ᠬᠦᠳᠡᠯᠬᠡᠬᠡᠨ ᠶᠠᠪᠤᠭᠲᠠᠭᠤᠯᠲᠠᠭ ᠭᠠᠵᠠᠷ ᠪᠤᠯᠬᠤ ᠶᠤᠮ᠃ (ᠲᠦᠪᠰᠢᠨᠵᠢᠷᠭᠠᠯ)

ᠢᠷᠡᠯᠳᠡ᠄ ᠡᠮᠦᠨᠡᠳᠦ ᠭᠤᠷᠯᠤᠰ ‍ᠤᠨ ᠷᠠᠳᠢᠤ᠋ ᠲᠸᠯᠸᠢᠰ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118979880