蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ᠄ ᠠᠭᠠᠷ ᠠᠶᠠᠯᠠᠯ ᠤᠨ 3 ᠰᠢᠨ᠎ᠡ ᠱᠤᠭᠤᠮ ᠨᠡᠪᠲᠡᠷᠡᠭᠦᠯᠦᠨ᠎ᠡ

2016-06-13 09:47

    ᠰᠢᠨᠬᠤᠸᠠ ᠬᠤᠷᠢᠶ᠎ᠠ   ᠬᠦᠬᠡᠬᠤᠲᠠ ᠶᠢᠨ 6 ᠰᠠᠷ᠎ᠠ ᠶᠢᠨ 12 ᠤᠨ ᠡᠲᠦᠷ ᠤᠨ ᠲᠤᠰᠬᠠᠢ ᠴᠠᠬᠢᠯᠭᠠᠨ ᠮᠡᠳᠡᠭᠡ ( ᠰᠤᠷᠪᠤᠯᠵᠢᠯᠠᠭᠴᠢ ᠯᠢ ᠶᠦᠨ ᠫᠢᠩ ) ᠰᠤᠷᠪᠤᠯᠵᠢᠯᠠᠭᠴᠢ 12 ᠤᠨ ᠡᠲᠦᠷ ᠲᠤᠮᠲᠠᠲᠤ ᠤᠯᠤᠰ ᠤᠨ ᠤᠯᠠᠨ ᠤᠯᠤᠰ ᠤᠨ ᠠᠭᠠᠷ ᠠᠶᠠᠯᠠᠯ ᠤᠨ ᠬᠤᠪᠢᠴᠠᠭᠠᠲᠤ ᠬᠢᠵᠠᠭᠠᠷᠲᠤ ᠺᠤᠮᠫᠠᠨᠢ ᠶᠢᠨ ᠦᠪᠦᠷ ᠮᠤᠩᠭ᠋ᠤᠯ ᠋ᠳ᠋ᠡᠬᠢ ᠰᠠᠯᠪᠤᠷᠢ ᠡᠴᠡ ᠤᠢᠢᠯᠠᠭᠠᠭᠰᠠᠨ ᠶᠢᠡᠷ᠂ 6 ᠰᠠᠷ᠎ᠠ ᠶᠢᠨ 15 ᠤ ᠡᠲᠦᠷ ᠡᠴᠡ ᠬᠦᠬᠡᠬᠤᠲᠠ-ᠡᠾᠸᠹᠸᠢ᠂ ᠬᠦᠬᠡᠬᠤᠲᠠ-ᠤᠯᠠᠭᠠᠬᠠᠨᠲᠠ᠂ ᠬᠦᠬᠡᠬᠤᠲᠠ-ᠰᠢᠯᠢ ᠶᠢᠨ ᠬᠤᠲᠠ ᠭᠤᠷᠪᠠᠨ ᠠᠭᠠᠷ ᠠᠶᠠᠯᠠᠯ ᠤᠨ ᠱᠤᠭᠤᠮ ᠨᠡᠪᠲᠡᠷᠡᠨ᠎ᠡ᠃

    ᠬᠦᠬᠡᠬᠤᠲᠠ-ᠡᠾᠸᠹᠸᠢ ᠶᠢᠨ ᠠᠭᠠᠷ ᠠᠶᠠᠯᠠᠯ ᠤᠨ ᠱᠤᠭᠤᠮ ᠶᠢᠡᠷ ᠡᠲᠦᠷ ᠪᠦᠷᠢ ᠨᠢᠭᠡ ᠡᠭᠡᠯᠵᠢ᠃ ᠲᠤᠰ ᠡᠭᠡᠯᠵᠢ ᠶᠢᠨ ᠨᠢᠰᠬᠦ ᠤᠩᠭ᠋ᠤᠴᠠ ᠡᠲᠦᠷ ᠪᠦᠷᠢ ᠶᠢᠨ 13᠄ 50 ᠴᠠᠭ ᠲᠤ ᠬᠦᠬᠡᠬᠤᠲᠠ ᠡᠴᠡ ᠨᠢᠰᠴᠦ᠂ 15᠄ 30 ᠴᠠᠭ ᠲᠤ ᠡᠾᠸᠹᠸᠢ ᠳ᠋ᠤ ᠭᠠᠵᠠᠷᠲᠠᠨ᠎ᠠ᠃ ᠲᠤᠬᠠᠢ ᠶᠢᠨ ᠡᠲᠦᠷ ᠤᠨ 16᠄ 10 ᠴᠠᠭ ᠲᠤ ᠡᠾᠸᠹᠸᠢ ᠡᠴᠡ ᠪᠤᠴᠠᠨ᠂ 17᠄ 50 ᠴᠠᠭ ᠲᠤ ᠬᠦᠬᠡᠬᠤᠲᠠ ᠳ᠋ᠤ ᠭᠠᠵᠠᠷᠲᠠᠨ᠎ᠠ᠃

    ᠬᠦᠬᠡᠬᠤᠲᠠ-ᠤᠯᠠᠭᠠᠬᠠᠨᠲᠠ ᠶᠢᠨ ᠠᠭᠠᠷ ᠠᠶᠠᠯᠠᠯ ᠤᠨ ᠱᠤᠭᠤᠮ ᠭᠠᠷᠠᠭ ᠤᠨ ᠭᠤᠷᠪᠠᠨ᠂ ᠲᠠᠪᠤᠨ᠂ ᠡᠲᠦᠷ ᠲᠦ ᠲᠤᠰᠪᠤᠷᠢ ᠨᠢᠭᠡ ᠡᠭᠡᠯᠵᠢ᠃ ᠬᠦᠬᠡᠬᠤᠲᠠ ᠡᠴᠡ 8᠄ 30 ᠴᠠᠭ ᠲᠤ ᠨᠢᠰᠴᠦ᠂ 9᠄ 50 ᠴᠠᠭ ᠲᠤ ᠤᠯᠠᠭᠠᠬᠠᠨᠲᠠ ᠳ᠋ᠤ ᠭᠠᠵᠠᠷᠲᠠᠨ᠎ᠠ᠂ ᠲᠤᠬᠠᠢ ᠶᠢᠨ ᠡᠲᠦᠷ ᠤᠨ 10᠄ 30 ᠴᠠᠭ ᠲᠤ ᠤᠯᠠᠭᠠᠨᠬᠲᠠ ᠡᠴᠡ ᠪᠤᠴᠠᠨ᠂ 11᠄ 50 ᠴᠠᠭ ᠲᠤ ᠬᠦᠬᠡᠬᠤᠲᠠ ᠳ᠋ᠤ ᠭᠠᠵᠠᠷᠲᠠᠨ᠎ᠠ᠃

    ᠬᠦᠬᠡᠬᠤᠲᠠ-ᠰᠢᠯᠢ ᠶᠢᠨ ᠬᠤᠲᠠ ᠶᠢᠨ ᠠᠭᠠᠷ ᠠᠶᠠᠯᠠᠯ ᠤᠨ ᠱᠤᠭᠤᠮ ᠡᠲᠦᠷ ᠪᠦᠷᠢ ᠨᠢᠭᠡ ᠡᠭᠡᠯᠵᠢ᠃ ᠬᠦᠬᠡᠬᠤᠲᠠ ᠡᠴᠡ 18᠄ 30 ᠴᠠᠭ ᠡᠴᠡ ᠨᠢᠰᠴᠦ᠂ 19᠄ 40 ᠴᠠᠭ ᠲᠤ ᠰᠢᠯᠢ ᠶᠢᠨ ᠬᠤᠲᠠ ᠳ᠋ᠤ ᠭᠠᠵᠠᠷᠲᠠᠨ᠎ᠠ᠂ 20᠄ 20 ᠴᠠᠭ ᠲᠤ ᠰᠢᠯᠢ ᠶᠢᠨ ᠬᠤᠲᠠ ᠡᠴᠡ ᠪᠤᠴᠠᠨ᠂ 21᠄ 35 ᠴᠠᠭ ᠲᠤ ᠬᠦᠬᠡᠬᠤᠲᠠ ᠳ᠋ᠤ ᠭᠠᠵᠠᠷᠲᠠᠨ᠎ᠠ᠃

    ᠤᠢᠢᠯᠠᠭᠠᠭᠰᠠᠨ ᠶᠢᠡᠷ᠂ ᠪᠢᠯᠸᠲ ᠤᠨ ᠦᠨ᠎ᠡ ᠶᠢ ᠬᠢᠮᠲᠠᠷᠠᠭᠤᠯᠤᠨ ᠬᠤᠲᠠᠯᠲᠤᠬᠤ ᠪᠤᠯᠤᠨ᠎᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119030581