蒙古文网站Logo
ᠰᠢᠨᠬᠤᠸᠠ ᠮᠤᠩᠭ᠋ᠤᠯ ᠨᠧᠲ

ᠬᠦᠲᠡᠭᠡ ᠲᠤᠰᠬᠤᠨ ᠤ ᠴᠠᠬᠢᠮ ᠬᠤᠲᠠᠯᠲᠤᠭ᠎ᠠ ᠡᠷᠬᠢᠯᠡᠭᠡ ᠮᠢᠩ ᠢᠦᠢ ᠵᠠᠯᠠᠭᠤ

2016-08-26 16:41

    ᠰᠢᠨᠬᠤᠸᠠ ᠮᠤᠩᠭ᠋ᠤᠯ ᠨᠸᠲ   ᠲᠦᠩ᠍ᠯᠢᠶᠤᠤ ᠶᠢᠨ 8 ᠰᠠᠷ᠎ᠠ ᠶᠢᠨ 24 ᠤ ᠡᠲᠦᠷ ᠤᠨ ᠴᠠᠬᠢᠯᠭᠠᠨ ᠮᠡᠲᠡᠭᠡ 《ᠰᠠᠢᠢᠨ ᠤᠤᠮᠠᠯᠴᠢᠨ ᠰᠦᠯᠵᠢᠶ᠎ᠠ ᠲᠠᠨ ᠳ᠋ᠤ ᠦᠢᠯᠡᠴᠢᠯᠡᠵᠦ ᠪᠠᠢᠢᠨ᠎ᠠ᠃ ᠲᠠᠨ ᠳ᠋ᠤ ᠶᠠᠮᠠᠷ ᠬᠡᠷᠡᠭᠴᠡᠭᠡ ᠱᠠᠭᠠᠷᠲᠠᠯᠭ᠎ᠠ ᠪᠠᠢᠢᠨ᠎ᠠ》ᠭᠡᠵᠦ ᠮᠢᠩ ᠢᠦᠢ ᠶᠢᠨ ᠤᠲᠠᠰᠤ ᠵᠠᠯᠭᠠᠯᠲᠠ ᠪᠡᠷ ᠮᠠᠯᠴᠢᠨ ᠰᠦᠯᠵᠢᠶ᠎ᠠ ᠶᠢᠨ ᠡᠲᠦᠷ ᠤᠨ ᠠᠵᠢᠯ ᠡᠬᠢᠯᠡᠲᠡᠭ᠃

    ᠮᠠᠯᠴᠢᠨ ᠰᠦᠯᠵᠢᠶ᠎ᠠ ᠨᠢ 2012 ᠤᠨ ᠳ᠋ᠤ ᠡᠭᠦᠲᠡ ᠪᠠᠨ ᠨᠡᠬᠡᠬᠡᠵᠦ ᠡᠷᠦᠬᠡ ᠪᠠᠨ ᠰᠡᠭᠦᠭ᠍ᠰᠡᠨ ᠰᠤᠶᠤᠯ ᠬᠡᠪᠯᠡᠯ ᠮᠡᠲᠡᠭᠡᠯᠡᠯ ᠪᠠ ᠴᠠᠬᠢᠮ ᠬᠤᠲᠠᠯᠲᠤᠭ᠎ᠠ ᠶᠢ ᠤᠶᠠᠯᠲᠤᠭᠤᠯᠤᠨ ᠠᠵᠢᠯᠯᠠᠭᠤᠯᠲᠠᠭ ᠬᠤᠪᠢ ᠶᠢᠨ ᠺᠤᠮᠫᠠᠨᠢ  ᠶᠤᠮ᠃ ᠲᠤᠰ ᠺᠤᠮᠫᠠᠨᠢ ᠨᠢ ᠢᠨᠲ᠋ᠸᠷᠨ᠋ᠸᠲ ᠲᠤ ᠰᠠᠭᠤᠷᠢᠯᠠᠵᠤ᠂ ᠸᠢᠴᠠᠲ᠂ 96111 ᠢᠷᠭᠡᠳ ᠲᠤ ᠲᠦᠭᠦᠮ ᠦᠵᠡᠬᠦᠯᠬᠦ ᠤᠲᠠᠰᠤ᠂ ᠪᠢᠴᠢᠯ ᠪᠦᠷᠭᠡ᠂ ᠨᠸᠲ ᠵᠡᠷᠭᠡ ᠲᠠᠪᠴᠠᠩ ᠶᠢᠡᠷ ᠠᠵᠢᠯ ᠶᠢᠡᠨ ᠡᠷᠬᠢᠯᠡᠵᠦ ᠪᠤᠢ᠃

    ᠮᠠᠯᠴᠢᠨ ᠰᠦᠯᠵᠢᠶ᠎ᠠ ᠶᠢ ᠡᠭᠦᠰᠭᠡᠨ ᠪᠠᠢᠢᠭᠤᠯᠤᠭᠴᠢ᠂ ᠶᠡᠷᠦᠩᠬᠡᠢ ᠵᠠᠬᠢᠷᠤᠯ ᠮᠢᠩ ᠢᠦᠢᠬᠤᠷᠴᠢᠨ ᠵᠡᠬᠦᠨ ᠭᠠᠷᠤᠨ ᠬᠤᠢᠢᠲᠤ ᠬᠤᠰᠢᠭᠤᠨ ᠤ ᠠᠭᠤᠯᠠ ᠪᠠᠯᠭᠠᠰᠤ ᠶᠢᠨ ᠬᠠᠷᠠᠡᠷᠬᠢ ᠪᠡᠷ ᠨᠤᠲᠤᠭ ᠲᠠᠢ᠂ ᠲᠡᠷᠡᠪᠡᠷ 2009 ᠤᠨ ᠳ᠋ᠤ ᠦᠪᠦᠷ ᠮᠤᠩᠭ᠋ᠤᠯ ᠤᠨ ᠰᠢᠨᠵᠢᠯᠡᠬᠦ ᠤᠬᠠᠭᠠᠨ ᠲᠸᠭ᠍ᠨᠤᠯᠤᠬᠢ ᠶᠢᠨ ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠡᠴᠡ ᠲᠡᠭᠦᠰᠴᠦ᠂ ᠬᠦᠬᠡᠬᠤᠲᠠ ᠳ᠋ᠤ ᠬᠡᠲᠦᠨ ᠵᠢᠯ IT ᠰᠠᠯᠪᠤᠷᠢ ᠳ᠋ᠤ ᠠᠵᠢᠯᠯᠠᠠᠭᠠᠳ ᠦᠰᠴᠦ ᠲᠦᠷᠦᠭᠰᠡᠨ ᠨᠤᠲᠤᠭ ᠲᠠᠭᠠᠨ ᠪᠤᠴᠠᠵᠤ ᠦᠢᠯᠡᠰ ᠪᠤᠰᠬᠠᠬᠤ ᠠᠩᠬᠠᠨ ᠤ ᠵᠠᠮ ᠶᠢᠡᠨ ᠡᠯᠬᠦᠵᠡᠢ᠃

    -ᠮᠠᠯᠴᠢᠨ ᠰᠦᠯᠵᠢᠶ᠎ᠠ ᠶᠢ ᠠᠩᠬ᠎ᠠ ᠤᠬᠠᠭᠠᠯᠠᠵᠤ ᠲᠦᠰᠦᠪᠯᠡᠵᠦ ᠪᠠᠢᠢᠭᠰᠠᠨ ᠡᠬᠢᠨ ᠤ ᠬᠤᠶᠠᠷ ᠵᠢᠯ ᠳ᠋ᠤ ᠨᠤᠢᠢᠷ ᠬᠤᠭᠤᠯᠠ ᠦᠭᠡᠢ ᠪᠠᠢᠢᠭᠰᠠᠨ᠃ ᠨᠢᠭᠡ ᠰᠡᠳᠭᠢᠯ ᠢ ᠪᠠᠷᠢᠵᠤ ᠰᠦᠯᠵᠢᠶ᠎ᠠ ᠠᠵᠢᠯᠯᠠᠭᠤᠯᠬᠤ᠂ ᠺᠤᠮᠫᠠᠨᠢ ᠪᠠᠢᠢᠭᠤᠯᠬᠤ᠂ ᠴᠢᠲᠠᠪᠤᠷᠢᠲᠠᠨ ᠤᠷᠢᠵᠤ ᠬᠡᠷᠡᠭᠯᠡᠬᠦ ᠶᠢ ᠪᠤᠲᠤᠵᠤ ᠶᠠᠪᠤᠯ᠎ᠠ᠁᠁

    2015 ᠤᠨ ᠪᠤᠯᠬᠤ ᠳ᠋ᠤ ᠮᠢᠩ ᠢᠦᠢ ᠮᠠᠯᠴᠢᠨ ᠰᠦᠯᠵᠢᠶ᠎ᠠ ᠶᠢᠨ ᠶᠢᠡᠨ ᠰᠠᠭᠤᠷᠢᠨ ᠳ᠋ᠤ 《ᠮᠠᠯᠴᠢᠨEᠲᠡᠯᠭᠡᠭᠦᠷ》ᠨᠡᠬᠡᠬᠡᠵᠦ᠂ ᠬᠦᠲᠡᠭᠡ ᠤᠷᠤᠨ ᠨᠤᠲᠤᠭ ᠤᠨ ᠪᠤᠬᠢᠷᠲᠤᠯ ᠦᠭᠡᠢ᠂ ᠴᠡᠪᠡᠷ᠂ ᠰᠢᠨ᠎ᠡ ᠰᠤᠷᠭᠤᠭ ᠢᠲᠡᠰᠢᠨ ᠨᠤᠭᠤᠭ᠎ᠠ᠂ ᠵᠢᠮᠢᠰ᠂ ᠲᠠᠬᠢᠶᠠᠨ ᠤ ᠦᠨᠲᠡᠭᠡ ᠵᠡᠷᠭᠡ ᠲᠠᠷᠢᠶᠠᠯᠠᠩ᠂ ᠮᠠᠯ ᠠᠵᠤ ᠠᠬᠤᠢ ᠶᠢᠨ ᠪᠦᠲᠦᠭᠡᠭ᠍ᠲᠡᠭᠦᠨ ᠢ ᠢᠨᠲ᠋ᠸᠷᠨ᠋ᠸᠲ ᠶᠢᠡᠷ ᠲᠦᠩᠭ᠍ᠯᠢᠶᠤᠤ᠂ ᠮᠦᠭᠲᠡᠨ᠂ ᠴᠠᠩᠴᠦ᠋ᠨ᠂ ᠪᠡᠭᠡᠵᠢᠩ ᠵᠡᠷᠭᠡ ᠭᠠᠵᠠᠷ ᠤᠳ ᠶᠢᠡᠷ ᠪᠤᠷᠤᠯᠠᠭᠤᠯᠤᠭᠠᠳ ᠤᠢᠢᠷ᠎ᠠ ᠤᠷᠴᠢᠮ ᠳ᠋ᠠᠭᠠᠨ ᠨᠦᠯᠦᠭᠡ ᠲᠤᠰᠬᠠᠯ ᠶᠡᠬᠡᠲᠡᠢ ᠪᠤᠯᠵᠠᠢ᠃

    -ᠰᠡᠭᠦᠯ ᠤᠨ ᠵᠢᠯ ᠤᠳ ᠲᠤ ᠪᠢ ᠬᠤᠷᠴᠢᠨ ᠨᠤᠲᠤᠭ ᠤᠨ ᠮᠤᠩᠭ᠋ᠤᠯ ᠲᠠᠷᠢᠶᠠᠴᠢᠳ ᠤᠨ ᠬᠦᠲᠡᠭᠡ ᠠᠵᠤ ᠠᠬᠤᠢ ᠶᠢᠨ ᠠᠰᠢᠭ ᠰᠢᠮ᠎ᠡ ᠶᠢᠨ ᠭᠠᠷᠭᠠᠯᠲᠠ ᠶᠢᠨ ᠠᠰᠠᠭᠤᠲᠠᠯ ᠳ᠋ᠤ ᠰᠠᠨᠠᠭᠠᠰᠢᠷᠠᠭᠰᠠᠭᠠᠷ ᠢᠷᠡᠵᠡᠢ᠃ ᠲᠤᠬᠠᠢ ᠶᠢᠨ ᠦᠶ᠎ᠠ ᠳ᠋ᠤ ᠤᠯᠤᠰ ᠡᠴᠡ 《ᠢᠨᠲ᠋ᠸᠷᠨ᠋ᠸᠲ +》   ᠲᠦᠷᠦ ᠶᠢᠨ ᠪᠤᠲᠤᠯᠭ᠎ᠠ ᠶᠢ ᠬᠡᠷᠡᠭᠵᠢᠬᠦᠯᠵᠦ᠂ ᠤᠶᠤᠲᠠᠨ ᠵᠠᠯᠠᠭᠤᠰ ᠤᠨ ᠦᠢᠯᠡᠰ ᠪᠤᠰᠬᠠᠬᠤ ᠶᠢ ᠵᠤᠷᠢᠭᠵᠢᠭᠤᠯᠵᠤ ᠪᠠᠢᠢᠭᠰᠠᠨ ᠴᠠᠭ ᠲᠤᠬᠢᠶᠠᠭᠰᠠᠨ ᠪᠤᠯᠬᠤᠷ ᠮᠠᠨ ᠤ ᠬᠤᠰᠢᠭᠤᠨ ᠤ ᠨᠠᠮ ᠵᠠᠰᠠᠭ᠂ ᠬᠠᠮᠢᠶᠠᠲᠠᠢ ᠪᠠᠢᠢᠭᠤᠯᠭ᠎ᠠ ᠨᠢᠭᠡᠴᠡ ᠡᠴᠡ ᠬᠦᠴᠦᠲᠡᠢ ᠲᠡᠮᠵᠢᠯᠭᠡ ᠦᠭᠴᠦ᠂ ᠬᠦᠲᠡᠭᠡ ᠤᠷᠤᠨ ᠨᠤᠲᠤᠭ ᠤᠨ ᠮᠠᠯ ᠲᠠᠷᠢᠶᠠᠯᠩ ᠤᠨ ᠠᠰᠢᠭ ᠰᠢᠮ᠎ᠡ ᠶᠢᠨ ᠪᠦᠲᠦᠭᠡᠭ᠍ᠲᠡᠬᠦᠨ ᠢ ᠪᠤᠷᠤᠯᠠᠭᠤᠯᠬᠤ 《ᠮᠠᠯᠴᠢᠨEᠲᠡᠯᠭᠡᠭᠦᠷ》 ᠮᠠᠨᠢ ᠨᠡᠭᠡᠭᠡᠭ᠍ᠲᠡᠭᠰᠡᠨ ᠶᠤᠮ᠃ ᠤᠲᠤ ᠴᠢᠮᠡᠭᠡ ᠬᠤᠯᠪᠤᠭᠠᠨ ᠤ ᠪᠦᠷᠬᠦᠴᠡ ᠲᠦᠭᠡᠮᠡᠯᠵᠢᠬᠦ ᠶᠢ ᠲᠠᠭᠠᠯᠲᠤᠨ᠂ ᠬᠦᠲᠡᠭᠡ ᠤᠷᠤᠨ ᠨᠤᠲᠤᠭ ᠤᠨ ᠮᠠᠯᠴᠢᠨ ᠲᠠᠷᠢᠶᠠᠴᠢᠳ ᠡᠲᠦᠷ ᠲᠤᠲᠤᠮ ᠤᠨ ᠠᠮᠢᠲᠤᠷᠠᠯ ᠤᠨ ᠬᠡᠷᠡᠭᠯᠡᠭᠡᠨ ᠤ ᠡᠳ᠋ ᠪᠤᠲᠠᠰ ᠶᠢᠡᠨ ᠢᠨᠲ᠋ᠸᠷᠨ᠋ᠸᠲ ᠶᠢᠡᠷ ᠵᠠᠬᠢᠶᠠᠯᠠᠬᠤ ᠨᠢ ᠭᠠᠵᠠᠷ ᠠᠪᠴᠤ ᠪᠤᠢ᠂ ᠡᠭᠦᠨ ᠳ᠋ᠤ ᠴᠢᠭᠯᠡᠬᠦᠯᠦᠨ ᠪᠦᠬᠦ ᠬᠤᠰᠢᠭᠤᠨ ᠤ ᠬᠡᠪᠴᠢᠶᠠᠨ ᠳ᠋ᠤ 163 ᠭᠠᠴᠠᠭ᠎ᠠ ᠲᠤᠰᠬᠤᠨ ᠳ᠋ᠤ ᠬᠤᠪᠢᠶᠠᠷᠢ ᠦᠢᠯᠡᠴᠢᠯᠡᠭᠡᠨ ᠤ ᠭᠠᠵᠠᠷ ᠭᠠᠷᠭᠠᠵᠤ᠂ ᠲᠠᠷᠢᠶᠠᠴᠢᠳ ᠤᠨ ᠢᠨᠲ᠋ᠸᠷᠨ᠋ᠸᠲ ᠶᠢᠡᠷ ᠪᠠᠷᠠᠭ᠎ᠠ ᠵᠠᠬᠢᠶᠠᠯᠠᠬᠤ᠂ ᠦᠨ᠎ᠡ ᠬᠠᠩᠰᠢ ᠶᠢᠨ ᠯᠠᠪᠯᠯᠠᠭ᠎ᠠ ᠬᠠᠩᠭ᠋ᠠᠬᠤ ᠵᠡᠷᠭᠡ ᠲᠠᠯ᠎ᠠ ᠶᠢᠨ ᠦᠨ᠎᠎ᠡ ᠲᠦᠯᠦᠪᠦᠷᠢ ᠦᠭᠡᠢ ᠦᠢᠯᠡᠴᠢᠯᠡᠭᠡ ᠦᠭᠴᠦ ᠪᠠᠢᠢᠨ᠎ᠠ ᠃

    ᠮᠠᠯᠴᠢᠨ ᠰᠦᠯᠵᠢᠶ᠎ᠠ ᠶᠢᠨ ᠠᠵᠢᠯᠯᠠᠭᠤᠯᠵᠤ ᠪᠠᠢᠢᠭ᠎ᠠ 《ᠮᠠᠯᠴᠢᠨ ᠰᠤᠷᠠᠬ ᠵᠠᠩᠬᠢ》ᠠᠯᠪᠠᠨ ᠸᠢᠴᠠᠲ ᠤᠨ ᠹᠸᠢᠢᠨ᠋ᠽ 13 ᠲᠦᠮᠡ᠂ ᠪᠢᠴᠢᠯ ᠪᠦᠷᠭᠡ ᠶᠢᠨ ᠹᠸᠢᠢᠨ᠋ᠽ 11 ᠲᠦᠮᠡ ᠬᠦᠷᠴᠦ᠂ 30 ᠲᠦᠮᠡ ᠡᠴᠡ ᠲᠡᠭᠡᠭ᠍ᠰᠢᠬᠢ ᠢᠨᠲ᠋ᠸᠷᠨ᠋ᠸᠲ ᠠᠰᠢᠭᠯᠠᠭᠴᠢᠳ ᠢ ᠪᠦᠷᠬᠦᠪᠡ᠃ ᠮᠢᠩ ᠢᠦᠢ ᠢᠨᠲ᠋ᠸᠷᠨ᠋ᠸᠲ  ᠤᠨ ᠡᠨᠡᠬᠦ ᠲᠠᠪᠠᠭᠤ ᠪᠠᠢᠢᠷᠢ ᠳᠠᠭᠠᠨ ᠵᠥᠪᠬᠡᠨ ᠴᠠᠬᠢᠮ ᠬᠤᠲᠠᠯᠲᠤᠭ᠎ᠠ ᠡᠷᠬᠢᠯᠡᠵᠦ ᠪᠠᠢᠢᠭ᠎ᠠ ᠪᠢᠰᠢ᠂ ᠬᠤᠷᠴᠢᠨ ᠨᠤᠲᠤᠭ ᠤᠨ ᠶᠢᠡᠨ ᠰᠤᠶᠤᠯ  ᠢ ᠤᠬᠠᠭᠤᠯᠤᠨ ᠲᠠᠨᠢᠯᠴᠠᠭᠤᠯᠬᠤ ᠨᠢ ᠬᠠᠷᠢᠨ ᠨᠡᠩ ᠢᠯᠡᠭᠦᠦ ᠬᠦᠴᠦᠨ ᠵᠢᠳᠬᠦᠯ ᠭᠠᠷᠭᠠᠵᠤ ᠪᠠᠢᠢᠭᠰᠠᠨ ᠤ ᠬᠢᠨᠢ ᠵᠤᠷᠢᠯᠭ᠎ᠠ ᠪᠠᠢᠢᠵᠠᠢ ᠃

    -ᠬᠤᠷᠴᠢᠨ ᠨᠤᠲᠤᠭ ᠪᠤᠯ ᠦᠨᠢ ᠤᠲᠠᠭᠠᠨ ᠲᠡᠦᠬᠡ ᠰᠤᠶᠤᠯ ᠲᠠᠢ ᠨᠤᠲᠤᠭ ᠶᠤᠮ᠂ ᠡᠨᠡ ᠨᠤᠲᠤᠭ ᠡᠴᠡ ᠤᠯᠠᠨ ᠡᠷᠲᠡᠮᠲᠡᠨ ᠴᠢᠲᠠᠪᠤᠷᠢᠲᠠᠨ᠂ ᠡᠬᠡ ᠤᠷᠤᠨᠴᠢ ᠵᠠᠩᠵᠤᠨ ᠪᠠᠭᠠᠲᠤᠷ ᠤᠳ ᠴᠤᠯᠭᠤᠷᠠᠨ ᠭᠠᠷᠤᠭᠰᠠᠨ ᠪᠠᠢᠢᠲᠠᠭ᠃ ᠡᠨᠡ ᠨᠤᠲᠤᠭ ᠲᠤ ᠲᠦᠷᠦᠵᠦ ᠦᠰᠦᠭᠰᠡᠨ ᠬᠦᠦ ᠶᠢᠨ ᠬᠤᠪᠢ ᠪᠡᠷ ᠨᠤᠲᠤᠭ ᠤᠰᠤᠨ ᠤ ᠪᠠᠨ ᠤᠯᠠᠨ ᠲᠦᠮᠡᠨ ᠳ᠋ᠤ ᠶᠠᠭᠤ ᠨᠢᠭᠡ ᠶᠢ ᠬᠢᠵᠦ᠂ ᠶᠠᠭᠤ ᠨᠢᠭᠡ ᠶᠢ ᠪᠦᠲᠦᠭᠡᠵᠦ ᠦᠭ᠍ᠪᠡᠯ ᠵᠤᠬᠢᠮᠠᠷ ᠰᠠᠨᠠᠭᠲᠠᠬᠤ ᠳ᠋ᠠᠭᠠᠨ ᠰᠡᠭᠦᠯ ᠤᠨ ᠵᠢᠯ ᠡᠴᠡ ᠰᠤᠶᠤᠯ ᠤᠨ ᠠᠵᠢᠯᠯᠠᠭ᠎ᠠ ᠦᠷᠨᠢᠭᠦᠯᠦᠨ ᠨᠠᠢᠢᠷ ᠨᠠᠭᠠᠲᠤᠮ ᠵᠤᠬᠢᠶᠠᠨ ᠪᠠᠢᠢᠭᠤᠯᠵᠤ ᠨᠠᠪᠲᠠᠭ ᠰᠠᠪᠲᠠᠭ ᠶᠢᠡᠨ ᠪᠠᠶᠠᠰᠬᠠᠯ᠎ᠠ᠃

    ᠮᠠᠯᠴᠢᠨ ᠰᠦᠯᠵᠢᠶ᠎ᠠ ᠶᠢᠨ ᠬᠠᠮᠲᠤ ᠤᠯᠠᠨ ᠭᠤᠷᠪᠠᠲᠤᠭᠠᠷ ᠬᠤᠭᠤᠴᠠᠭᠠ ᠤ ᠬᠤᠷᠴᠢᠨ ᠨᠠᠢᠢᠷ᠂ ᠬᠤᠷᠴᠢᠨ ᠵᠡᠬᠦᠨ ᠭᠠᠷᠤᠨ ᠬᠤᠢᠢᠲᠤ ᠬᠤᠰᠢᠭᠤᠨ ᠤ 2016 ᠤᠨ ᠤ ᠴᠠᠭᠠᠨ ᠰᠠᠷ᠎ᠠ ᠶᠢᠨ ᠰᠦᠯᠵᠢᠶᠠᠨ ᠦᠲᠡᠰᠢᠯᠡᠭᠡ ᠪᠠ ᠠᠩᠬᠠᠲᠠᠭᠴᠢ ᠮᠤᠩᠭ᠋ᠤᠯ ᠬᠡᠯᠡᠨ ᠤ ᠴᠠᠭᠠᠨ ᠰᠠᠷ᠎ᠠ ᠶᠢᠨ ᠦᠲᠡᠰᠢᠯᠡᠭᠡ ᠵᠡᠷᠭᠡ ᠲᠤᠮᠤ ᠬᠡᠪᠴᠢᠶᠠᠨ ᠤ ᠨᠠᠭᠠᠲᠤᠮ ᠴᠡᠩᠭᠡᠭᠦᠨ ᠢ ᠵᠤᠬᠢᠶᠠᠨ ᠪᠠᠢᠢᠭᠤᠯᠤᠭᠰᠠᠨ ᠡᠴᠡ ᠭᠠᠲᠠᠨ᠎ᠠ《ᠪᠢᠲᠡᠭᠦᠨ ᠤ ᠦᠲᠡᠰᠢ》᠂《ᠮᠤᠬᠤᠷᠲᠠᠯ》ᠵᠡᠷᠭᠡ ᠨᠡᠢᠢᠭᠡᠮ ᠤᠨ ᠬᠠᠯᠠᠮᠰᠢᠯ ᠠᠰᠠᠭᠤᠲᠠᠯ ᠢ ᠲᠤᠰᠬᠠᠬᠰᠠᠨ ᠸᠢᠳᠢᠤ᠋᠂ ᠺᠢᠯᠢᠹ ᠪᠦᠲᠦᠭᠡᠨ ᠦᠢᠯᠡᠳᠴᠦ ᠬᠦᠮᠦᠨ ᠵᠤᠨ ᠶᠢᠡᠨ ᠤᠬᠠᠭᠠᠷᠠᠭᠤᠯᠤᠨ ᠰᠡᠩᠭᠡᠷᠡᠭᠦᠯᠵᠦ᠂ ᠪᠠᠶᠠᠰᠬᠠᠨ ᠵᠢᠷᠭᠠᠭᠠᠨ᠎ᠠ᠁᠁

    -ᠤᠲᠤᠬᠠᠨ ᠤ ᠠᠮᠵᠢᠯᠲᠠ ᠮᠠᠨᠢ ᠭᠡᠷ ᠪᠦᠯᠢ ᠶᠢᠨ ᠬᠦᠮᠦᠰ ᠤᠨ ᠬᠠᠯᠠᠭᠤᠨ ᠲᠡᠮᠵᠢᠯᠭᠡ᠂ ᠨᠡᠢᠢᠭᠡᠮ ᠨᠡᠢᠢᠲᠡ ᠶᠢᠨ ᠰᠠᠨᠠᠯ ᠰᠠᠨᠠᠭᠤᠯᠭ᠎ᠠ ᠡᠴᠡ ᠰᠠᠯᠵᠤ ᠴᠢᠲᠠᠬᠤ ᠦᠭᠡᠢ᠃ 《ᠴᠢᠷᠮᠠᠢᠢᠯᠭ᠎ᠠ ᠬᠦᠮᠦᠨ ᠢ ᠭᠤᠮᠤᠲᠠᠭᠠᠲᠠᠭ ᠦᠭᠡᠢ》ᠭᠡᠲᠡᠭ ᠬᠡᠯᠡᠯᠭᠡ ᠢ ᠢᠮᠠᠭᠲᠠ ᠴᠡᠭᠡᠵᠢᠯᠡᠵᠦ ᠶᠠᠪᠤᠲᠠᠭ᠂ ᠢᠷᠡᠬᠦ ᠭᠤᠷᠪᠠᠨ ᠵᠢᠯ ᠳ᠋ᠤ ᠺᠤᠮᠫᠠᠨᠢ ᠪᠠᠨ ᠦᠷᠭᠡᠳᠭᠡᠵᠦ᠂ ᠬᠦᠷᠦᠩᠭᠡ ᠤᠷᠤᠭᠤᠯᠤᠯᠲᠠ ᠪᠠᠨ ᠨᠡᠮᠡᠭᠲᠡᠬᠦᠯᠵᠦ᠂ ᠪᠠᠷᠠᠭᠠᠨ ᠤ ᠭᠦᠢᠯᠭᠡᠭᠡ ᠶᠢᠨ ᠴᠢᠲᠠᠮᠵᠢ ᠪᠠᠨ ᠲᠡᠭᠡᠭ᠍ᠰᠢᠯᠡᠭᠦᠯᠵᠦ᠂ ᠬᠦᠢᠲᠡᠨ ᠬᠦᠮᠦᠷᠭᠡ ᠪᠠᠢᠢᠭᠤᠯᠬᠤ ᠴᠢᠬᠤᠯᠠᠲᠠᠢ ᠪᠠᠢᠢᠨ᠎ᠠ᠃ ᠭᠠᠯ ᠵᠠᠯᠠᠭᠤ ᠨᠠᠰᠤᠨ ᠳ᠋ᠠᠭᠠᠨ ᠵᠦᠪ ᠢ ᠪᠤᠲᠤᠵᠤ᠂ ᠵᠦᠪ ᠡᠨ᠋ᠸᠷᠬᠢ ᠪᠡᠷ ᠠᠵᠢᠯᠯᠠᠬᠤ ᠪᠤᠯ ᠶᠡᠬᠡ ᠴᠢᠬᠤᠯᠠ ᠰᠢᠦ ᠭᠡᠵᠦ ᠮᠤᠩᠭ᠋ᠤᠯ ᠵᠠᠯᠠᠭᠤᠰ ᠲᠠᠭᠠᠨ ᠬᠡᠯᠡᠶ᠎ᠡ !

    ( ᠰᠢᠨᠬᠤᠸᠠ ᠮᠤᠩᠭ᠋ᠤᠯ ᠨᠸᠲ ᠬ·ᠦᠵᠡᠰᠭᠦᠯᠡᠩ᠂ ᠪᠠᠢ ᠯᠢᠩ ᠳ᠋ᠢ᠂ ᠲᠦᠩᠭ᠍ᠯᠢᠶᠤᠤ ᠷᠠᠳᠢᠤ᠋ ᠲᠸᠯᠸᠢᠰ ᠬᠤᠷᠢᠶᠠᠨ ᠤ ᠮᠤᠩᠭ᠋ᠤᠯ ᠶᠡᠷᠦᠩᠬᠡᠢᠢᠯᠡᠭᠰᠡᠨ ᠷᠠᠳᠢᠤ᠋ ᠶᠢᠨ ᠴᠡᠯᠡᠭᠡᠷ ᠮᠡᠲᠡᠭᠡᠯᠡᠪᠡ)

    ᠨᠠᠢᠢᠷᠠᠭᠤᠯᠤᠭᠰᠠᠨ ᠤ ᠲᠠᠷᠠᠭ᠎ᠠ᠄ ᠰᠡᠭᠦᠯ ᠤᠨ ᠵᠢᠯ ᠤᠳ ᠲᠤ ᠮᠤᠩᠭ᠋ᠤᠯ ᠤᠶᠤᠲᠠᠳ᠂ ᠮᠤᠩ᠋ᠭᠤᠯ ᠶᠢᠡᠷ ᠰᠤᠷᠴᠤ ᠲᠡᠭᠦᠰᠦᠭᠰᠡᠨ ᠵᠠᠯᠠᠭᠤᠴᠤᠳ ᠲᠤ ᠤᠯᠠᠨ ᠰᠠᠢᠢᠬᠠᠨ ᠲᠦᠷᠦ ᠶᠢᠨ ᠪᠤᠲᠤᠯᠭ᠎ᠠ ᠦᠷᠲᠦᠭᠲᠡᠵᠦ ᠪᠠᠢᠢᠭ᠎ᠠ ᠨᠢ ᠪᠠᠬᠠᠲᠤᠭᠤᠰᠢᠲᠠᠢ ᠶᠠᠪᠤᠲᠠᠯ᠃ ᠮᠢᠩ ᠢᠦᠢ ᠰᠢᠭ᠌ ᠬᠦᠲᠡᠭᠡ ᠤᠷᠤᠨ ᠨᠤᠲᠤᠭ ᠲᠠᠭᠠᠨ ᠪᠤᠴᠠᠵᠤ ᠦᠢᠯᠡᠰ ᠪᠤᠰᠬᠠᠵᠤ ᠪᠠᠢᠢᠭ᠎ᠠ ᠮᠤᠩᠭ᠋ᠤᠯ ᠵᠠᠯᠠᠭᠤᠰ ᠵᠤᠬᠢᠬᠤ ᠲᠤᠭ᠎ᠠ  ᠶᠢ ᠡᠵᠡᠯᠡᠵᠦ ᠪᠠᠢᠢᠭ᠎ᠠ ᠨᠢ ᠶᠠᠭᠤᠲᠠᠢ ᠪᠠᠶᠠᠷᠯᠠᠭᠤᠰᠢᠲᠠᠢ!《ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ 》ᠭᠡᠲᠡᠭ ᠶᠢᠡᠷ᠂ ᠤᠯᠤᠰ ᠦᠨᠳᠦᠰᠦᠲᠡᠨ ᠤ ᠪᠠᠨ ᠢᠷᠡᠬᠦ ᠮᠠᠷᠭᠠᠰᠢ ᠪᠤᠯᠤᠭᠰᠠᠨ ᠮᠠᠨ ᠤ ᠵᠠᠯᠠᠭᠤᠴᠤᠳ ᠰᠠᠢᠢᠨ ᠰᠠᠢᠢᠬᠠᠨ ᠲᠤᠬᠢᠶᠠᠯ ᠢ ᠨᠠᠨᠳᠢᠩᠨᠠᠵᠤ᠂ ᠮᠡᠲᠡᠯᠭᠡ ᠪᠤᠯᠪᠠᠰᠤᠷᠠᠯ ᠶᠢᠡᠨ ᠲᠡᠭᠡᠭ᠍ᠰᠢᠯᠡᠬᠦᠯᠵᠦ ᠂ ᠬᠦᠲᠡᠭᠡ ᠨᠤᠲᠤᠭ ᠤᠨ ᠶᠢᠡᠨ ᠬᠦᠭ᠍ᠵᠢᠯᠲᠠ ᠴᠡᠴᠡᠭᠯᠡᠯᠲᠡ ᠳ᠋ᠤ ᠬᠦᠴᠦᠨ ᠴᠢᠲᠠᠯ ᠶᠢᠡᠨ ᠨᠡᠮᠡᠷᠢᠯᠡᠬᠦ ᠪᠡᠷ ᠬᠢᠨᠠᠮᠠᠭᠠᠢ ᠰᠡᠳᠬᠢᠵᠦ᠂ ᠬᠢᠴᠢᠶᠠᠨ ᠴᠢᠷᠮᠠᠢᠢᠬᠤ ᠨᠢ ᠮᠠᠰᠢ ᠴᠢᠬᠤᠯᠠ ᠬᠡᠮᠡᠨ ᠪᠤᠲᠤᠭᠲᠠᠯ᠎ᠠ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
关闭
010070230030000000000000011120791119462384