蒙古文网站Logo
ᠰᠢᠨᠬᠤᠸᠠ ᠮᠤᠩᠭ᠋ᠤᠯ ᠨᠧᠲ

ᠹᠦᠰᠢᠨ ᠤ ᠮᠤᠨᠭᠭᠤᠯ ᠱᠠᠯᠪᠢᠩ ᠬᠤᠷᠳᠤᠨ ᠭᠠᠯᠲᠤ ᠶᠢᠨ ᠬᠦᠨᠡᠰᠤ ᠪᠤᠯᠤᠯ᠎ᠠ

2016-08-29 11:09

    ᠡᠮᠦᠨᠡᠬᠡᠨ ᠹᠦᠰᠢᠨ ᠬᠤᠲᠠ ᠶᠢᠨ ᠪᠦᠰᠡ ᠨᠤᠲᠤᠬ ᠤᠨ ᠰᠤᠶᠤᠯ ᠰᠤᠳᠤᠯᠬᠤ ᠲᠠᠰᠤᠬ ᠡᠴᠡ ᠴᠢᠬᠢᠨ ᠳᠤ ᠴᠢᠮᠡᠭ ᠪᠤᠯᠤᠮᠠᠷ ᠰᠠᠶᠢᠬᠠᠨ ᠴᠢᠮᠡᠭᠡ ᠰᠤᠨᠤᠷᠳᠠᠵᠦ᠂ ᠮᠤᠨᠭᠭᠤᠯ ᠦᠨᠳᠦᠰᠦᠲᠡᠨ ᠤ ᠱᠠᠯᠪᠢᠩ ᠬᠤᠷᠳᠤᠨ ᠭᠠᠯᠲᠤ ᠶᠢᠨ ᠬᠦᠨᠡᠰᠤᠨ ᠤ ᠨᠡᠷᠡᠲᠤ ᠪᠦᠲᠦᠭᠡᠭ᠍ᠳᠡᠭᠦᠨ ᠪᠤᠯᠵᠦ ᠠᠶᠠᠨᠴᠢᠳ ᠤᠨ ᠠᠮᠲᠠᠷᠬᠠᠨ ᠵᠤᠭᠤᠬᠯᠠᠬᠤ ᠪᠠ ᠰᠤᠷᠳᠠᠯᠴᠢᠯᠠᠬᠤ ᠶᠢᠨ ᠳᠠᠭᠠᠤ ᠳᠤ ᠤᠷᠤᠨ ᠨᠤᠲᠤᠬ ᠤᠨ ᠤᠨᠴᠠᠯᠢᠬ ᠪᠦᠬᠦᠢ ᠡᠨᠡᠬᠦ ᠢᠳᠡᠭᠡᠨ ᠹᠦᠰᠢᠨ ᠨᠤᠲᠤᠬ ᠢᠶᠡᠨ ᠤᠯᠤᠰ ᠳᠠᠶᠠᠭᠠᠷ ᠲᠤ ᠠᠯᠳᠠᠷᠰᠢᠭᠤᠯᠵᠦ᠂ ᠹᠦᠰᠢᠨ ᠤ ᠨᠡᠷᠡᠲᠤ ᠲᠠᠸᠠᠷ ᠪᠤᠯᠬᠤ ᠭᠠᠷᠤᠭ᠎ᠠ ᠪᠠᠨ ᠡᠯᠭᠦᠯ᠎ᠡ᠃

    ᠮᠤᠨᠭᠭᠤᠯ ᠱᠠᠯᠪᠢᠩ ᠢ ᠤᠳᠠᠭᠠᠨ ᠵᠢᠯ ᠰᠤᠳᠤᠯᠤᠬᠰᠠᠨ ᠹᠦᠰᠢᠨ ᠬᠤᠲᠠ ᠶᠢᠨ ᠤᠷᠤᠨ ᠨᠤᠲᠤᠬ ᠤᠨ ᠰᠤᠶᠤᠯ ᠰᠤᠳᠤᠯᠤᠯ ᠤᠨ ᠨᠡᠶᠢᠭᠡᠮᠯᠢᠭ᠌ ᠤᠨ ᠳᠠᠷᠤᠭ᠎ᠠ ᠬᠠᠢ ᠴᠦᠨ ᠱᠧᠩ ᠤᠨ ᠶᠠᠷᠢᠬᠤ ᠪᠡᠷ᠂ ᠮᠢᠩ ᠤᠯᠤᠰ ᠤᠨ ᠰᠡᠭᠦᠯᠴᠢ ᠪᠡᠷ ᠹᠦᠰᠢᠨ ᠤ ᠮᠤᠨᠭᠭᠤᠯ ᠦᠨᠳᠦᠰᠦᠲᠡᠨ ᠲᠠᠷᠢᠶᠠᠯᠠᠬᠤ ᠰᠤᠶᠤᠯ ᠤᠨ ᠨᠦᠯᠦᠭᠡ ᠵᠢ ᠬᠦᠷᠲᠡᠵᠦ᠂ ᠢᠳᠡᠭᠡᠨ ᠤᠮᠳᠠᠭᠠᠨ ᠤ ᠳᠠᠳᠬᠠᠯ ᠳᠤᠨᠢ ᠬᠤᠪᠢᠷᠠᠯᠲᠠ ᠭᠠᠷᠴᠤ᠂ ᠪᠤᠰᠤᠳ ᠦᠨᠳᠦᠰᠦᠲᠡᠨ ᠡᠴᠡ ᠢᠯᠭᠠᠬᠳᠠᠬᠤ ᠮᠦᠷᠲᠡᠭᠡᠨ ᠪᠠᠰᠠ ᠮᠠᠯᠵᠢᠬᠤ ᠰᠤᠶᠤᠯ ᠲᠠᠢ ᠮᠤᠨᠭᠭᠤᠯ ᠦᠨᠳᠦᠰᠦᠲᠡᠨ ᠡᠴᠡ ᠴᠤ ᠤᠨᠳᠤᠤ ᠦᠪᠡᠷ ᠢᠶᠡᠷ ᠢᠶᠡᠨ ᠤᠨᠴᠠᠯᠠᠬᠲᠠᠬᠤ ᠢᠳᠡᠭᠡᠨ ᠤ ᠰᠤᠶᠤᠯ ᠲᠠᠢ ᠪᠤᠯᠵᠠᠢ᠃ ᠮᠤᠨᠭᠭᠤᠯ ᠱᠠᠯᠪᠢᠩ ᠨᠢ ᠳᠠᠷᠤᠢ ᠡᠨᠡᠬᠦ ᠰᠤᠶᠤᠯ ᠤᠨ ᠪᠦᠲᠦᠭᠡᠭ᠍ᠳᠡᠬᠦᠨ ᠮᠦᠨ᠃ 300 ᠭᠠᠷᠤᠢ ᠵᠢᠯ ᠢ ᠦᠩᠭᠡᠷᠡᠭᠡᠭᠡᠳ ᠮᠤᠨᠭᠭᠤᠯ ᠱᠠᠯᠪᠢᠩ ᠨᠢ ᠹᠦᠰᠢᠨ ᠤ ᠡᠯ᠎ᠡ ᠦᠨᠳᠦᠰᠦᠲᠡᠨ ᠤ ᠢᠷᠭᠡᠳ ᠤᠨ ᠠᠮᠲᠠᠲᠤ ᠢᠳᠡᠭᠡᠨ ᠪᠤᠯᠥᠬᠰᠠᠨ ᠲᠡᠳᠦᠢ ᠦᠭᠡᠢ ᠦᠪᠦᠷ ᠮᠤᠨᠭᠭᠤᠯ ᠤᠨ ᠲᠦᠩᠯᠢᠶᠤᠤ ᠬᠤᠲᠠ᠂ ᠤᠯᠠᠭᠠᠨᠬᠠᠲᠠ ᠬᠤᠲᠠ ᠵᠡᠷᠭᠡ ᠤᠶᠢᠷ᠎ᠠ ᠲᠦᠰᠦᠷ ᠤᠨ ᠨᠤᠲᠤᠬ ᠢᠶᠡᠷ ᠴᠤ ᠤᠯᠠᠮᠵᠢᠯᠠᠬᠳᠠᠨ ᠬᠦᠷᠦᠭᠰᠡᠨ ᠶᠤᠮ᠃

    ᠦᠨᠦ ᠵᠢᠯ ᠤᠨ 4 ᠰᠠᠷ᠎ᠠ ᠳᠤ᠂ ᠹᠦᠰᠢᠨ ᠬᠤᠲᠠ ᠶᠢᠨ ᠲᠤᠤ ᠯᠢ ᠶᠤᠸᠠᠨ ᠤᠨᠴᠠᠯᠢᠬᠲᠤ ᠬᠦᠨᠡᠰᠤᠨ ᠤ ᠬᠢᠵᠠᠭᠠᠷᠲᠤ ᠺᠤᠮᠫᠠᠨᠢ ᠱᠠᠯᠪᠢᠩ ᠤᠨ ᠤᠯᠠᠮᠵᠢᠯᠯᠠᠲᠤ ᠦᠨᠤᠷ ᠠᠮᠲᠠ ᠵᠢ ᠬᠠᠳᠠᠭᠠᠯᠠᠬᠰᠠᠨ ᠰᠠᠭᠤᠷᠢᠨ ᠳᠡᠭᠡᠷ᠎ᠡ ᠲᠦᠷᠭᠡᠨ ᠬᠦᠯᠳᠡᠭᠡᠭ᠍ᠰᠡᠨ ᠪᠤᠭᠤᠯᠲᠠ ᠰᠤᠳᠤᠯᠤᠨ ᠪᠦᠲᠦᠭᠡᠵᠦ᠂ ᠤᠷᠲᠤ ᠴᠠᠬ ᠢᠶᠡᠷ ᠬᠠᠳᠠᠯᠠᠭᠠᠵᠦ ᠲᠡᠶᠢᠯᠳᠡᠭ᠌ ᠦᠭᠡᠢ ᠬᠦᠴᠢᠷ ᠠᠰᠠᠭᠤᠳᠠᠯ ᠢ ᠰᠢᠢᠳᠪᠤᠷᠢᠯᠡᠵᠡᠢ᠃ ᠡᠨᠡᠬᠦ ᠲᠦᠷᠭᠡᠨ ᠬᠦᠯᠳᠡᠭᠡᠭ᠍ᠰᠡᠨ ᠪᠤᠭᠤᠯᠲᠠ ᠵᠠᠬ᠎ᠠ ᠳᠤ ᠭᠠᠷᠤᠬᠰᠠᠨ ᠤ ᠳᠠᠷᠠᠭ᠎ᠠ ᠬᠦᠮᠦᠰ ᠤᠨ ᠲᠠᠭᠠᠰᠢᠶᠠᠯ ᠳᠤ ᠬᠦᠷᠤᠭ᠍ᠰᠡᠨ ᠢᠶᠡᠷ 5 ᠰᠠᠷ᠎᠎ᠠ ᠶᠢᠨ ᠳᠤᠮᠳᠠᠴᠢ ᠪᠡᠷ ᠵᠦᠪᠳᠡᠯᠴᠡᠭᠡᠷ ᠢᠶᠡᠷ ᠳᠠᠮᠵᠢᠨ ᠮᠤᠨᠭᠭᠤᠯ ᠱᠠᠯᠪᠢᠩ ᠢ ᠬᠤᠷᠳᠤᠨ ᠭᠠᠯᠲᠤ ᠶᠢᠨ ᠬᠦᠨᠡᠰᠦ ᠪᠤᠯᠭᠠᠨ ᠮᠦᠭ᠍ᠳᠡᠨ ᠤ ᠲᠡᠮᠤᠷ ᠵᠠᠮ ᠤᠨ ᠱᠤᠸᠠᠩ ᠷᠦᠢ ᠢᠳᠡᠭᠡᠨ ᠤ ᠦᠢᠯᠡᠴᠢᠯᠡᠭᠡᠨ ᠤ ᠬᠢᠵᠠᠭᠠᠷᠲᠤ ᠺᠤᠮᠫᠠᠨᠢ ᠲᠠᠢ ᠬᠠᠮᠲᠤᠷᠠᠬᠤ ᠪᠡᠷ ᠪᠤᠯᠵᠦ᠂ ᠤᠳᠤᠬᠠᠨ ᠳᠤ ᠨᠢᠭᠡᠨᠲᠡ 3 ᠲᠦᠮᠡ ᠭᠠᠷᠤᠢ ᠤᠭᠤᠲᠠ ᠬᠠᠨᠭᠭᠠᠬᠰᠠᠨ ᠪᠠᠶᠢᠨ᠎ᠠ᠃

ᠢᠷᠡᠯᠳᠡ᠄ ᠹᠦᠰᠢᠨ ᠮᠤᠨᠭᠭᠤᠯ ᠬᠡᠯᠡᠨ ᠤ ᠷᠠᠳᠢᠤ᠋ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119471447