蒙古文网站Logo
ᠰᠢᠨᠬᠤᠸᠠ ᠮᠤᠩᠭ᠋ᠤᠯ ᠨᠧᠲ

ᠡᠮᠦᠨᠡᠲᠤ ᠭᠣᠷᠯᠤᠰ ᠤᠨ ᠨᠢᠬᠡᠨ ᠵᠢᠷᠠᠨ — ᠬᠢᠷᠢᠨ ᠮᠤᠵᠢ ᠶᠢᠨ ᠡᠮᠦᠨᠡᠲᠦ ᠭᠤᠷᠯᠤᠰ ᠤᠨ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠪᠠᠢᠢᠭᠤᠯᠤᠭᠲᠠᠭᠰᠠᠨ 60 ᠵᠢᠯ ᠤᠨ ᠤᠢ ᠳ᠋ᠤ ᠵᠤᠷᠢᠭᠤᠯᠤᠭᠰᠠᠨ ᠳᠤᠰᠬᠠᠢ ᠮᠡᠳᠡᠬᠡᠯᠡᠯ

2016-09-02 08:54

    ᠰᠢᠨᠬᠤᠸᠠ ᠮᠤᠩᠭ᠋ᠤᠯ ᠨᠧᠲ  ᠡᠮᠦᠨᠡᠲᠦ ᠭᠤᠷᠯᠤᠰ ᠤᠨ 9 ᠰᠠᠷ᠎ᠠ ᠶᠢᠨ 1 ᠤ᠋ ᠡᠲᠦᠷ ᠤᠨ ᠴᠠᠬᠢᠯᠭᠠᠨ ᠮᠡᠲᠡᠭᠡ ᠬᠢᠷᠢᠨ ᠮᠤᠵᠢ ᠶᠢᠨ ᠰᠦᠩ ᠶᠤᠧᠠᠨ ᠬᠤᠳᠠ ᠶᠢᠨ ᠤᠯᠤᠰ ᠳᠦᠷᠦ᠂ ᠡᠳ᠋ ᠤᠨ ᠵᠠᠰᠠᠭ᠂ ᠰᠤᠶᠤᠯ ᠤᠨ ᠭᠤᠯᠤᠮᠳᠠ ᠪᠤᠯᠤᠭᠰᠠᠨ ᠡᠮᠦᠨᠡᠳᠦ ᠭᠤᠷᠯᠤᠰ ᠤᠨ ᠮᠤᠩᠭᠤᠯ ᠦᠨᠳᠦᠰᠦᠳᠡᠨ ᠤ ᠦᠪᠡᠷᠳᠡᠬᠡᠨ ᠵᠠᠰᠠᠬᠤ ᠰᠢᠶᠠᠨ ᠦᠨᠦᠳᠦᠷ ᠨᠢᠬᠡᠨ ᠵᠢᠷᠠᠨ ᠤ ᠪᠡᠨ ᠤᠢ ᠶᠢᠨ ᠪᠠᠶᠠᠷ ᠢ ᠤᠭᠳᠤᠨ ᠠᠪᠴᠢᠷᠠᠯ᠎ᠠ᠃

    ᠳᠡᠤᠬᠡ ᠰᠤᠶᠤᠯ ᠤᠨ ᠦᠪ ᠵᠤᠵᠠᠭᠠᠨ ᠡᠮᠦᠨᠡᠲᠤ ᠭᠤᠷᠯᠤᠰ ᠤᠨ ᠮᠣᠩᠭᠣᠯ ᠦᠨᠳᠤᠰᠤᠲᠠᠨ ᠤ ᠥᠪᠡᠷᠲᠡᠭᠡᠨ ᠵᠠᠰᠠᠬᠤ ᠰᠢᠶᠠᠨ 60 ᠵᠢᠯ ᠤᠨ ᠲᠤᠷᠰᠢ ᠨᠠᠮ ᠤᠨ ᠦᠨᠳᠤᠰᠤᠲᠠᠨ ᠤ ᠳᠦᠷᠦ ᠶᠢᠨ ᠪᠤᠳᠤᠯᠭ᠎ᠠ ᠶᠢᠨ ᠲᠤᠶᠠᠭᠠᠯᠠᠯ ᠳᠤᠤᠷ᠎ᠠ᠂《ᠬᠠᠮᠲᠤ ᠪᠡᠷ ᠡᠪ ᠨᠢᠬᠡᠳᠦᠨ ᠲᠡᠮᠡᠴᠡᠵᠡᠭᠡᠵᠤ᠂ ᠬᠠᠮᠲᠤ ᠪᠡᠷ ᠴᠡᠴᠡᠭᠯᠡᠨ ᠬᠦᠭ᠍ᠵᠢᠬᠦ》ᠦᠨᠳᠤᠰᠤᠲᠠᠨ ᠤ ᠠᠵᠢᠯ ᠤᠨ ᠰᠡᠳᠬᠢᠴᠡ ᠪᠡᠷ ᠪᠦᠳᠦᠬᠡᠨ ᠪᠠᠶᠢᠭᠤᠯᠤᠯᠳᠠ ᠪᠡᠨ ᠬᠢᠭ᠍ᠰᠡᠬᠡᠷ ᠢᠷᠡᠵᠡᠢ᠃ ᠳᠤᠰ ᠰᠢᠶᠠᠨ ᠦᠨᠳᠤᠰᠤᠲᠠᠨ ᠤ ᠤᠷᠤᠨ ᠤ ᠬᠦᠭ᠍ᠵᠢᠯᠳᠡ ᠶᠢᠨ ᠱᠠᠭᠠᠷᠳᠠᠯᠭ᠎ᠠ ᠳᠤ ᠵᠤᠬᠢᠴᠠᠭᠤᠯᠤᠨ ᠴᠢᠯᠠᠭᠤᠨ ᠲᠤᠰᠤ᠂ ᠪᠠᠶᠢᠭᠠᠯᠢ ᠶᠢᠨ ᠰᠢᠲᠠᠮᠠᠬᠠᠢ ᠬᠡᠢ ᠵᠡᠷᠬᠡ ᠶᠢ ᠵᠤᠬᠢᠰᠳᠠᠢ ᠨᠡᠬᠡᠬᠡᠨ ᠠᠰᠢᠭᠯᠠᠵᠤ᠂ ᠬᠦᠷᠦᠩᠭᠡ ᠤᠷᠤᠭᠤᠯᠤᠭᠴᠢᠳ ᠢ ᠲᠠᠲᠠᠨ ᠲᠦᠰᠦᠯ ᠤᠨ ᠪᠠᠶᠢᠭᠤᠯᠤᠯᠲᠠ ᠶᠢ ᠠᠬᠢᠭᠤᠯᠵᠠᠢ᠃ ᠠᠵᠤ ᠥᠢᠯᠡᠰ ᠤᠨ ᠳᠠᠪᠠᠭᠤᠯᠢᠭ ᠨᠦᠬᠦᠴᠡᠯ ᠳᠤᠬᠠᠢ ᠶᠢᠨ ᠤᠷᠤᠨ ᠨᠤᠲᠤᠭ ᠤᠨ ᠡᠳ᠋ ᠤᠨ ᠵᠠᠰᠠᠭ ᠲᠤ ᠨᠡᠮᠡᠷᠢ ᠬᠠᠨᠳᠢᠪᠯᠠᠨ᠂ ᠥᠪᠡᠷᠲᠡᠭᠡᠨ ᠵᠠᠰᠠᠬᠤ ᠰᠢᠶᠠᠨ ᠤ ᠬᠦᠭ᠍ᠵᠢᠯᠲᠠ ᠳᠤ ᠳᠦᠯᠬᠢᠬᠦᠦ ᠦᠢᠯᠡᠴᠢᠯᠡᠬᠦ ᠲᠣᠯᠭᠠᠭᠤᠷᠢ ᠬᠦᠴᠦᠨ ᠪᠣᠯᠪᠠ᠃

    ᠰᠡᠬᠦᠯ ᠤᠨ ᠵᠢᠯ ᠤᠳ ᠲᠤ᠂ ᠬᠣᠲᠠᠴᠢᠯᠡᠯᠲᠠ ᠶᠢᠨ ᠠᠬᠢᠴᠠ ᠶᠢ ᠲᠦᠷᠭᠡᠳᠭᠡᠵᠤ ᠦᠨᠳᠤᠰᠤᠲᠠᠨ ᠤ ᠤᠨᠴᠠᠯᠢᠭ ᠪᠦᠬᠦᠢ ᠣᠳᠤᠬᠢᠴᠢᠯᠡᠬᠰᠡᠨ ᠳᠠᠪᠠ ᠳᠤᠬᠠᠳᠠᠢ ᠰᠢᠨ᠎᠎ᠠ ᠬᠣᠲᠠ ᠪᠠᠯᠭᠠᠰᠤ ᠶᠢ ᠪᠦᠲᠦᠭᠡᠨ ᠪᠠᠶᠢᠭᠤᠯᠬᠤ ᠠᠵᠢᠯ ᠠᠮᠵᠢᠯᠳᠠ ᠳᠤ ᠬᠦᠷᠪᠡ᠃ ᠡᠷᠴᠢᠮᠵᠢᠭᠦᠯᠦᠨ ᠡᠵᠡᠩᠨᠡᠬᠦ᠂ ᠬᠡᠪᠴᠢᠶᠠᠵᠢᠭᠦᠯᠦᠨ ᠥᠢᠯᠡᠳᠪᠦᠷᠢᠯᠡᠬᠦ᠂ ᠮᠠᠰᠢᠨᠴᠢᠯᠠᠨ ᠠᠵᠢᠯᠯᠠᠭᠤᠯᠬᠤ᠂ ᠠᠵᠤ ᠥᠢᠯᠡᠰᠵᠢᠯᠲᠠ ᠶᠢᠨ ᠬᠦᠭ᠍ᠵᠢᠯᠲᠠ ᠪᠡᠷ ᠣᠳᠤᠬᠢᠴᠢᠯᠡᠬᠰᠡᠨ ᠲᠠᠷᠢᠶᠠᠯᠠᠩ ᠤᠨ ᠬᠦᠭ᠍ᠵᠢᠯᠲᠠ ᠶᠢ ᠳᠠᠶᠢᠴᠢᠯᠠᠬᠤ ᠵᠡᠷᠬᠡ ᠦᠢᠯᠡᠳᠪᠦᠷᠢᠯᠡᠯ ᠤᠨ ᠵᠠᠭᠪᠤᠷ ᠢ ᠠᠰᠢᠭᠯᠠᠭᠰᠠᠨ ᠢᠶᠡᠷ ᠠᠮᠦ ᠳᠠᠷᠢᠶᠠᠨ ᠤ ᠵᠢᠯ ᠤᠨ ᠤᠨᠠᠯᠲᠠ ᠤᠯᠠᠮ ᠢᠶᠡᠷ ᠨᠡᠮᠡᠭᠳᠡᠵᠤ᠂ ᠲᠦᠷᠦ ᠶᠢᠨ ᠶᠠᠪᠤᠳᠠᠯ ᠤᠨ ᠬᠣᠷᠢᠶᠡᠨ ᠡᠴᠡ ᠤᠯᠭᠤᠭᠰᠠᠨ《ᠤᠯᠤᠰ ᠳᠠᠶᠠᠭᠠᠷ ᠤᠨ ᠠᠮᠦ ᠳᠠᠷᠢᠶᠠᠨ ᠤ ᠥᠢᠯᠡᠳᠪᠤᠷᠢᠯᠡᠯ ᠤᠨ ᠤᠷᠤᠭᠰᠢᠯᠠᠭᠰᠠᠨ ᠰᠢᠶᠠᠨ》ᠬᠡᠮᠡᠬᠦ ᠢᠷᠠᠭᠤ ᠠᠯᠳᠠᠷ ᠢ ᠤᠯᠠᠨᠳᠠ ᠳᠤᠰᠴᠠᠢ᠃ ᠴᠠᠭᠠᠨ ᠨᠠᠭᠤᠷ ᠢᠶᠡᠷ ᠭᠤᠤᠯ ᠴᠤᠭᠴᠠ ᠪᠤᠯᠭᠠᠭᠰᠠᠨ ᠵᠢᠭᠤᠯᠴᠢᠯᠡᠯ ᠤᠨ ᠦᠢᠯᠡᠰ ᠤᠨ ᠲᠤᠭᠲᠠᠯᠴᠠᠭ᠎ᠠ ᠶᠢ ᠪᠠᠶᠢᠭᠤᠯᠤᠭᠰᠠᠨ ᠨᠢ ᠳᠤᠰ ᠰᠢᠶᠠᠨ ᠤ ᠪᠠᠰᠠ ᠨᠢᠬᠡᠨ ᠠᠮᠵᠢᠯᠳᠠ ᠪᠠᠶᠢᠯ᠎ᠠ᠃

    ᠴᠠᠭᠠᠨ ᠨᠠᠭᠤᠷ ᠤᠨ ᠠᠮᠠᠷᠠᠯᠳᠠ ᠶᠢᠨ ᠭᠠᠵᠠᠷ ᠤᠯᠤᠰ ᠤᠨ 4A ᠵᠡᠷᠭᠡᠯᠡᠯ ᠤᠨ ᠵᠢᠭᠤᠯᠴᠢᠯᠡᠯ ᠤᠨ ᠪᠦᠰᠡ ᠪᠣᠯᠵᠤ᠂《ᠴᠠᠭᠠᠨ ᠨᠠᠭᠤᠷ ᠤᠨ ᠡᠪᠤᠯ ᠤᠨ ᠵᠢᠭᠠᠰᠤ ᠠᠩᠨᠠᠯ》ᠤᠯᠤᠰ ᠤᠨ ᠪᠡᠶᠠᠲᠤ ᠪᠤᠰᠤ ᠰᠤᠶᠤᠯ ᠤᠨ ᠦᠪ ᠢᠶᠡᠷ ᠪᠦᠷᠢᠳᠭᠡᠭ᠍ᠳᠡᠵᠤ᠂ ᠭᠢᠷᠢᠨ ᠮᠣᠵᠢ ᠶᠢᠨ ᠨᠠᠶ᠋ᠮᠠᠨ ᠳᠤᠮᠤ ᠦᠵᠡᠮᠦᠷᠢ ᠶᠢᠨ ᠨᠢᠭᠡᠨ ᠪᠣᠯᠪᠠ᠃ ᠴᠢᠩᠬᠢᠰ ᠬᠠᠭᠠᠨ ᠤ ᠵᠤᠤ ᠮᠡᠳᠦ ᠶᠢᠨ ᠭᠤᠤᠯᠳᠠᠯᠭ᠎ᠠ ᠲᠠᠢ ᠵᠢᠭᠤᠯᠴᠢᠯᠠᠯ ᠤᠨ ᠪᠦᠰᠡ ᠶᠢᠨ ᠳᠡᠳ᠋ ᠪᠦᠳᠦᠴᠡ ᠠᠮᠵᠢᠯᠳᠠ ᠲᠠᠢ ᠪᠠᠶᠢᠭᠤᠯᠤᠭᠳᠠᠭᠰᠠᠨ ᠨᠢ ᠡᠮᠦᠨᠡᠳᠦ ᠭᠤᠷᠯᠤᠰ ᠤᠨ ᠮᠤᠩᠭ᠋ᠤᠯ ᠦᠨᠳᠦᠰᠦᠳᠡᠨ ᠤ ᠦᠪᠡᠷᠳᠡᠬᠡᠨ ᠵᠠᠰᠠᠬᠤ ᠰᠢᠶᠠᠨ ᠤ 60 ᠵᠢᠯ ᠤᠨ ᠳᠤᠷᠰᠢᠬᠢ ᠪᠦᠳᠦᠬᠡᠨ ᠪᠠᠶᠢᠭᠤᠯᠤᠯᠳᠠ ᠶᠢᠨ ᠪᠠᠰᠠ ᠨᠢᠭᠡᠨ ᠬᠢᠯᠠᠰ ᠴᠡᠭ ᠪᠤᠯᠤᠭᠰᠠᠨ ᠪᠠᠶᠢᠯ᠎ᠠ᠃ ᠢᠩᠬᠢᠭ᠍ᠰᠡᠨ ᠢᠶᠡᠷ᠂ ᠤᠯᠤᠰ ᠤᠨ ᠵᠡᠷᠭᠡᠯᠡᠯ ᠤᠨ ᠤᠰᠤᠨ ᠠᠰᠢᠭᠯᠠᠯᠲᠠ ᠶᠢᠨ ᠨᠠᠷᠠᠲᠤ ᠦᠵᠡᠮᠦᠷᠢ ᠶᠢᠨ ᠪᠦᠰᠡ᠂ ᠪᠠᠶᠢᠭᠠᠯᠢ ᠤᠷᠴᠢᠨ ᠤ ᠬᠠᠮᠠᠭᠠᠯᠠᠯᠲᠠ ᠶᠢᠨ ᠨᠡᠷᠡᠳᠦ ᠪᠦᠰᠡ ᠪᠠ ᠳᠤᠮᠳᠠᠳᠤ ᠤᠯᠤᠰ ᠤᠨ ᠰᠢᠶᠠᠨ ᠤ ᠱᠠᠳᠤᠨ ᠤ 100 ᠬᠦᠴᠦᠷᠬᠡᠭ᠌ ᠨᠡᠷᠡᠲᠤ ᠲᠡᠮᠲᠡᠭᠲᠤ ᠵᠢᠭᠤᠯᠴᠢᠯᠡᠯ ᠤᠨ ᠪᠦᠰᠡ ᠵᠡᠷᠭᠡ ᠢᠷᠠᠭᠤ ᠠᠯᠳᠠᠷ ᠤᠳ ᠢ ᠵᠠᠯᠭᠠᠪᠠᠷ ᠬᠦᠷᠲᠡᠵᠠᠢ᠃

    60 ᠵᠢᠯ ᠤᠨ ᠳᠤᠷᠰᠢ᠂《ᠡᠮᠦᠨᠡᠲᠤ ᠭᠤᠷᠯᠤᠰ ᠤᠨ ᠮᠣᠩ᠋ᠭᠤᠯ ᠦᠨᠳᠤᠰᠤᠲᠠᠨ ᠤ ᠥᠪᠡᠷᠲᠡᠭᠡᠨ ᠵᠠᠰᠠᠬᠤ ᠰᠢᠶᠠᠨ ᠤ ᠥᠪᠡᠷᠲᠡᠭᠡᠨ ᠵᠠᠰᠠᠬᠤ ᠬᠠᠤᠯᠢ ᠲᠤᠭᠲᠠᠭᠠᠮᠵᠢ》ᠵᠡᠷᠭᠡ 14 ᠥᠪᠡᠷᠲᠡᠭᠡᠨ ᠵᠠᠰᠠᠬᠤ ᠬᠠᠤᠯᠢ ᠲᠤᠭᠲᠠᠭᠠᠮᠵᠢ ᠶᠢ ᠪᠠᠳᠤᠯᠠᠨ ᠵᠠᠷᠯᠠᠵᠤ᠂ ᠥᠪᠡᠷᠲᠡᠭᠡᠨ ᠵᠠᠰᠠᠬᠤ ᠰᠢᠶᠠᠨ ᠤ ᠬᠠᠤᠯᠢ ᠲᠤᠭᠲᠠᠭᠠᠮᠵᠢ ᠶᠢᠨ ᠰᠢᠰᠲ᠋ᠧᠮ ᠦᠨᠳᠤᠰᠤᠨ ᠳᠤ ᠪᠡᠨ ᠪᠦᠷᠢᠯᠳᠦᠭᠰᠡᠨ ᠪᠠᠶᠢᠨ᠎ᠠ᠃《ᠦᠨᠳᠦᠰᠦᠳᠡᠨ ᠤ ᠤᠷᠤᠨ ᠢ ᠨᠢᠳᠤᠨ ᠤ ᠪᠡᠨ ᠴᠡᠴᠡᠭᠡᠢ ᠰᠢᠭ ᠬᠠᠶᠢᠷᠠᠯᠠᠨ ᠬᠠᠮᠠᠭᠠᠯᠠᠵᠤ᠂ ᠦᠨᠳᠤᠰᠤᠲᠠᠨ ᠤ ᠪᠦᠯᠬᠦᠮᠳᠡᠯ ᠢ ᠬᠦᠨᠳᠤᠳᠭᠡᠨ ᠦᠵᠡᠬᠦ》ᠦᠵᠡᠯ ᠰᠠᠨᠠᠭ᠎ᠠ ᠪᠦᠬᠦ ᠰᠢᠶᠠᠨ ᠤ ᠡᠯ᠎ᠡ ᠦᠨᠳᠤᠰᠤᠲᠠᠨ ᠤ ᠣᠯᠠᠨ ᠲᠦᠮᠡᠨ ᠤ ᠰᠡᠳᠬᠢᠯ ᠳᠤ ᠬᠦᠨ ᠬᠠᠳᠠᠩᠰᠢᠪᠠ᠃

    2015 ᠤᠨ ᠤ ᠰᠡᠭᠦᠯᠴᠢ ᠪᠣᠯᠲᠠᠯ᠎ᠠ᠂ ᠡᠮᠦᠨᠡᠲᠤ ᠭᠤᠷᠯᠤᠰ ᠤᠨ ᠮᠣᠩᠭ᠋ᠤᠯ ᠦᠨᠳᠤᠰᠤᠲᠠᠨ ᠤ ᠥᠪᠡᠷᠲᠡᠭᠡᠨ ᠵᠠᠰᠠᠬᠤ ᠰᠢᠶᠠᠨ ᠤ ᠤᠷᠤᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠲᠡᠭ 338.2 ᠳ᠋ᠦᠩᠰᠢᠭᠤᠷ ᠲᠦᠭᠦᠷᠢᠭ᠌ ᠲᠤ ᠬᠦᠷᠴᠦ᠂ 1956 ᠤᠨ ᠤ ᠬᠢ ᠡᠴᠡ 709 ᠲᠠᠬᠢᠨ ᠶᠢᠡᠷ ᠨᠡᠮᠡᠭᠲᠡᠪᠡ᠃ ᠤᠷᠤᠨ ᠨᠤᠲᠤᠭ ᠤᠨ ᠡᠳ᠋ ᠤᠨ ᠵᠠᠰᠠᠭ ᠤᠨ ᠤᠷᠤᠯᠭ᠎ᠠ 10.9 ᠳ᠋ᠦᠩᠰᠢᠭᠤᠷ ᠲᠦᠭᠦᠷᠢᠭ᠌ ᠲᠤ ᠬᠦᠷᠴᠦ᠂ ᠡᠨᠡ ᠨᠢ 1956 ᠤᠨ ᠤ ᠬᠢ ᠡᠴᠡ 496 ᠲᠠᠬᠢᠨ ᠪᠤᠯᠪᠠ᠃ ᠰᠢᠶᠠᠨ ᠤ ᠱᠠᠲᠤᠨ ᠤ ᠡᠳ᠋ ᠤᠨ ᠵᠠᠰᠠᠭ ᠤᠨ ᠨᠢᠭᠡᠳᠭᠡᠭ᠍ᠰᠡᠨ ᠪᠤᠲᠠᠲᠤ ᠬᠦᠴᠦᠨ ᠶᠢᠡᠷ ᠤᠯᠤᠰ ᠲᠠᠶᠠᠭᠠᠷ ᠤᠨ 120 ᠴᠦᠬᠡᠨ ᠲᠤᠭᠠᠲᠤ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ ᠳᠤᠳᠤᠷ᠎ᠠ ᠡᠮᠦᠨᠡᠭᠦᠷ ᠪᠠᠢᠢᠷᠢᠨ ᠳᠤ ᠵᠢᠬᠰᠠᠪᠠ᠃

    ᠤᠳᠤ ᠪᠤᠯᠳᠠᠯ᠎ᠠ᠂ ᠳᠤᠰ ᠰᠢᠶᠠᠨ ᠲᠦᠷᠦ ᠶᠢᠨ ᠶᠠᠪᠤᠳᠠᠯ ᠤᠨ ᠬᠣᠷᠢᠶᠠᠨ ᠤ《ᠤᠯᠤᠰ ᠳᠠᠶᠠᠭᠠᠷ ᠤᠨ ᠦᠨᠳᠤᠰᠤᠲᠠᠨ ᠤ ᠪᠦᠯᠬᠦᠮᠳᠠᠯ ᠳᠠᠪᠰᠢᠯᠲᠠ ᠶᠢᠨ ᠳᠠᠭᠤᠷᠢᠶᠠᠯ  ᠬᠠᠮᠲᠤ ᠨᠢᠬᠡᠴᠡ》ᠪᠡᠷ 6 ᠤᠳᠠᠭ᠎ᠠ ᠦᠨᠡᠯᠡᠭᠳᠡᠵᠤ᠂ ᠤᠯᠤᠰ ᠤᠨ ᠦᠨᠳᠤᠰᠤᠲᠠᠨ ᠤ ᠬᠡᠷᠡᠭ ᠡᠷᠬᠢᠯᠡᠬᠦ ᠵᠦᠪᠯᠡᠯ ᠡᠴᠡ《ᠤᠯᠤᠰ ᠲᠠᠶᠠᠭᠠᠷ ᠤᠨ ᠦᠨᠳᠤᠰᠤᠲᠠᠨ ᠤ ᠥᠪᠡᠷᠲᠡᠬᠡᠨ ᠵᠠᠰᠠᠬᠤ ᠰᠢᠶᠠᠨ ᠤ ᠰᠢᠨᠵᠢᠯᠡᠬᠦ ᠤᠬᠠᠭᠠᠨ ᠲᠧᠭ᠍ᠨᠤᠯᠤᠬᠢ ᠶᠢ ᠬᠦᠭ᠍ᠵᠢᠬᠦᠯᠬᠦ ᠦᠯᠢᠬᠡᠷ ᠵᠢᠱᠢᠶ᠎ᠠ ᠰᠢᠶᠠᠨ》 ᠢ᠋ᠶᠡᠷ ᠨᠠᠷᠡᠶᠢᠳᠤᠭ᠍ᠰᠡᠨ ᠪᠠᠶᠢᠨ᠎ᠠ᠃ ᠮᠦᠨ ᠬᠦᠷᠦᠩᠭᠡ ᠤᠷᠤᠭᠤᠯᠤᠯᠲᠠ ᠶᠢᠨ ᠬᠠᠮᠤᠭ ᠤᠨ ᠶᠡᠬᠡ ᠨᠦᠬᠡᠴᠡ ᠲᠠᠢ᠂ ᠪᠦᠰᠡ ᠨᠤᠳᠤᠭ ᠤᠨ ᠲᠠᠢᠢᠴᠢᠯᠠᠬᠤ ᠬᠦᠴᠦᠨ ᠲᠠᠢ ᠲᠤᠮᠲᠠ ᠵᠢᠵᠢᠭ᠌ ᠬᠤᠲᠠ ᠶᠢᠨ ᠰᠢᠨᠵᠢᠯᠡᠬᠦ ᠤᠬᠠᠭᠠᠨ ᠲᠧᠭ᠍ᠨᠤᠯᠤᠬᠢ ᠶᠢᠨ ᠬᠦᠭ᠍ᠵᠢᠯᠲᠠ ᠶᠢᠨ ᠵᠠᠭᠤᠨ ᠬᠦᠴᠦᠷᠬᠡᠭ᠌ ᠰᠢᠶᠠᠨ ᠶᠢᠡᠷ ᠤᠯᠠᠨᠲᠠ ᠦᠨᠡᠯᠡᠭᠲᠡᠵᠡᠢ᠃ ᠳᠤᠰ ᠰᠢᠶᠠᠨ ᠪᠠᠰᠠ《ᠳᠤᠮᠳᠠᠳᠤ ᠤᠯᠤᠰ ᠤᠨ ᠮᠣᠷᠢᠨ ᠬᠤᠭᠤᠷ ᠤᠨ ᠦᠯᠦᠭᠡᠢ》᠂《ᠳᠤᠮᠳᠠᠳᠤ ᠤᠯᠤᠰ ᠤᠨ ᠠᠷᠠᠳ ᠤᠨ ᠰᠤᠶᠤᠯ ᠤᠷᠠᠯᠢᠭ ᠤᠨ ᠨᠤᠲᠤᠭ》᠂ 《ᠤᠯᠤᠰ ᠳᠠᠶᠠᠭᠠᠷ ᠤᠨ ᠪᠤᠯᠪᠠᠰᠤᠨ ᠰᠢᠶᠠᠨ》᠂《ᠤᠯᠤᠰ ᠳᠠᠶᠠᠭᠠᠷ ᠤᠨ ᠤᠶᠢᠵᠢᠭᠤᠯᠤᠨ ᠨᠤᠭᠤᠭᠠᠷᠠᠭᠤᠯᠤᠯᠲᠠ ᠶᠢᠨ 100 ᠬᠦᠴᠦᠷᠬᠡᠭ᠌ ᠰᠢᠶᠠᠨ》᠂《ᠳᠤᠮᠳᠠᠳᠤ ᠤᠯᠤᠰ ᠤᠨ ᠬᠠᠮᠤᠭ ᠤᠨ ᠶᠡᠬᠡ ᠦᠨᠳᠤᠰᠤᠲᠠᠨ ᠤ ᠤᠨᠴᠠᠯᠢᠭ ᠪᠦᠬᠦᠢ ᠵᠢᠭᠤᠯᠴᠢᠯᠡᠯ ᠤᠨ ᠨᠠᠷᠡᠲᠤ ᠰᠢᠶᠠᠨ》ᠵᠡᠷᠭᠡ ᠠᠯᠳᠠᠷ ᠴᠤᠯᠠ ᠲᠠᠢ᠃

    《13·5》ᠬᠦᠭ᠍ᠵᠢᠯᠳᠡ ᠶᠢᠨ ᠲᠦᠰᠦᠯ ᠤᠨ ᠬᠤᠭᠤᠴᠠᠭᠠᠨ ᠳᠤ᠂ ᠡᠮᠦᠨᠡᠲᠤ ᠭᠤᠷᠯᠤᠰ ᠨᠢ ᠡᠯ᠎᠎ᠡ ᠦᠨᠳᠤᠰᠤᠲᠠᠨ ᠤ 60 ᠲᠦᠮᠡᠨ ᠢᠷᠬᠡᠳ ᠢᠶᠡᠨ ᠳᠠᠶᠢᠴᠢᠯᠠᠵᠤ《ᠡᠮᠦᠨ᠎ᠡ ᠬᠣᠶᠢᠨᠠᠬᠢ ᠶᠢ ᠬᠣᠯᠪᠤᠨ᠂ ᠥᠬᠡᠷᠡᠴᠢᠯᠡᠯᠲᠠ ᠰᠢᠨᠠᠴᠢᠯᠡᠯᠲᠠ ᠬᠢᠵᠤ᠂ ᠬᠡᠯᠪᠡᠷᠢ ᠪᠡᠨ ᠦᠬᠡᠷᠡᠴᠢᠯᠡᠨ ᠬᠦᠭ᠍ᠵᠢᠬᠦᠯᠵᠤ᠂ ᠯᠠᠪᠳᠠᠭᠤᠨ ᠲᠤᠬᠲᠠᠭᠤᠨ ᠤᠷᠤᠭᠰᠢᠯᠠᠬᠤ》ᠰᠡᠳᠬᠢᠴᠡ ᠪᠡᠷ《1345》ᠠᠵᠢᠯ ᠤᠨ ᠰᠡᠳᠭᠢᠴᠡ ᠶᠢ ᠨᠠᠷᠢᠨ ᠬᠢᠨᠠᠮᠠᠭᠠᠢ ᠲᠤᠤᠱᠯᠠᠭᠤᠯᠵᠤ᠂ ᠡᠳ᠋ ᠤᠨ ᠵᠠᠰᠠᠭ ᠲᠤᠭᠲᠠᠪᠤᠷᠢᠲᠠᠢ ᠬᠦᠭ᠍ᠵᠢᠭᠰᠡᠨ᠂ ᠠᠷᠠᠳ ᠤᠨ ᠠᠮᠢᠳᠤᠷᠠᠯ ᠪᠠᠶᠠᠵᠢᠨ ᠴᠢᠨᠡᠭᠡᠯᠢᠭ᠍ᠵ᠍ᠢᠭᠰᠡᠨ᠂ ᠦᠨᠳᠤᠰᠤᠲᠠᠨ ᠪᠦᠬᠦᠨ ᠡᠪ ᠨᠢᠬᠡᠳᠦᠯ ᠲᠠᠢ᠂ ᠨᠡᠶᠢᠬᠡᠮ ᠨᠡᠶᠢᠳᠡ ᠪᠡᠷ ᠢᠶᠡᠨ ᠡᠶ᠎ᠡ ᠨᠠᠶᠢᠷᠳᠠᠢ ᠵᠣᠯ ᠵᠢᠷᠭᠠᠯᠲᠤ ᠡᠮᠦᠨᠡᠲᠤ ᠭᠤᠷᠯᠤᠰ ᠢ ᠪᠦᠲᠦᠭᠡᠨ ᠪᠠᠶᠢᠭᠤᠯᠬᠤ ᠪᠡᠷ ᠮᠡᠷᠡᠶᠢᠨᠡᠮ!(ᠰᠢᠨᠬᠤᠸᠠ ᠮᠤᠩᠭ᠋᠋ᠤᠯ ᠨᠧᠲ ᠤᠨ ᠰᠤᠷᠤᠶ᠎ᠠ᠂ ᠬ·ᠦᠵᠡᠰᠭᠦᠯᠡᠩ᠂ ᠡᠮᠦᠨᠡᠲᠦ ᠭᠤᠷᠯᠤᠰ ᠤᠨ ᠷᠠᠳᠢᠤ‍ ᠲᠧᠯᠸᠢᠰ ᠬᠤᠷᠢᠶᠠᠨ ᠤ ᠲᠦᠪᠰᠢᠨᠵᠢᠷᠭᠠᠯ ᠮᠡᠲᠡᠭᠡᠯᠡᠪᠡ)

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119497856