蒙古文网站Logo
ᠰᠢᠨᠬᠤᠸᠠ ᠮᠤᠩᠭ᠋ᠤᠯ ᠨᠧᠲ

ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠪᠠᠢᠢᠭᠤᠯᠤᠭᠲᠠᠭᠰᠠᠨ ᠨᠠᠶ᠋ᠮᠠᠨ ᠵᠢᠯ ᠤᠨ ᠤᠢ ᠪᠠᠨ ᠲᠡᠮᠲᠡᠭᠯᠡᠬᠦ ᠠᠵᠢᠯᠯᠠᠭ᠎ᠠ ᠪᠤᠯᠵᠤ ᠦᠩᠭᠡᠷᠡᠯ᠎ᠡ

2016-09-09 11:05

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 9 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ ( ᠬ·ᠦᠵᠡᠰᠭᠦᠯᠡᠩ) ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠪᠠᠢᠢᠭᠤᠯᠤᠭᠲᠠᠭᠰᠠᠨ ᠨᠠᠶ᠋ᠮᠠᠨ ᠵᠢᠯ ᠤᠨ ᠤᠢ ᠪᠠᠨ ᠲᠡᠮᠲᠡᠭᠯᠡᠬᠦ ᠠᠵᠢᠯᠯᠠᠭ᠎ᠠ 9 ᠰᠠᠷ᠎ᠠ ᠶᠢᠨ 3 ᠤ ᠡᠲᠦᠷ ᠪᠡᠭᠡᠵᠢᠩ ᠳ᠋ᠡᠬᠢ ᠪᠠᠶᠠᠨ ᠬᠤᠷᠤ᠎ᠠ ᠪᠠᠭᠤᠲᠠᠯ ᠳ᠋ᠤ ᠪᠤᠯᠵᠤ ᠦᠩᠭᠡᠷᠡᠯ᠎ᠡ᠃

    ᠠᠵᠢᠯᠯᠠᠭ᠎ᠠ ᠨᠢ ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠨᠠᠶ᠋ᠮᠠᠨ ᠵᠢᠯ ᠤᠨ ᠲᠤᠷᠰᠢᠬᠢ ᠠᠵᠢᠯ ᠶᠢᠡᠨ ᠳ᠋ᠦᠩᠨᠡᠵᠦ ᠲᠤᠷᠰᠢᠯᠭ᠎ᠠ ᠪᠠᠨ ᠰᠤᠯᠢᠯᠴᠠᠬᠤ ᠶᠢᠨ ᠲᠠᠭᠠᠤ ᠳ᠋ᠠᠯᠢᠶᠠᠨ᠂ ᠱᠠᠩᠬᠠᠢ᠂ ᠦᠰᠢ᠂ ᠴᠢᠨ ᠬᠤᠸᠠᠩ ᠳ᠋ᠤᠤ᠂ ᠲᠢᠶᠠᠨᠵᠢᠨ ᠵᠡᠷᠭᠡ ᠭᠠᠵᠠᠷ ᠲᠤ ᠡᠷᠬᠢᠯᠡᠵᠦ ᠪᠦᠬᠦᠢ ᠮᠤᠩᠭ᠋ᠤᠯ ᠬᠡᠯᠡᠨ ᠤ ᠠᠩᠬᠢ ᠶᠢᠨ ᠬᠢᠨ ᠴᠤ ᠬᠦᠷᠦᠯᠴᠡᠨ ᠢᠷᠡᠵᠦ ᠦᠵᠡᠯ ᠪᠤᠲᠤᠯ ᠶᠢᠡᠨ ᠰᠤᠯᠢᠯᠴᠠᠪᠠ᠃ ᠲᠠᠷᠠᠭ᠎ᠠ ᠨᠢ ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠬᠠᠮᠲᠤ ᠤᠯᠠᠨ ᠡᠴᠡ ᠤᠷᠠᠨ ᠰᠠᠢᠢᠬᠠᠨ ᠤ ᠲᠤᠭᠯᠠᠯᠲᠠ ᠪᠠᠨ ᠬᠦᠷᠭᠡᠪᠡ᠃

    ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠡᠭᠦᠰᠬᠡᠨ ᠪᠠᠢᠢᠭᠤᠯᠤᠭᠴᠢ᠂ ᠵᠠᠬᠢᠷᠤᠯ ᠰᠠᠷᠠᠭᠤᠯ᠄《ᠪᠡᠭᠡᠵᠢᠩ ᠤᠨ ᠮᠤᠩᠭ᠋ᠤᠯ ᠬᠡᠯᠡ ᠰᠤᠶᠤᠯ ᠤᠨ ᠠᠩᠬᠢ ᠶᠢᠨ ᠨᠠᠶ᠋ᠮᠠᠨ ᠵᠢᠯ ᠢ ᠬᠤᠷᠢᠶᠠᠩᠭ᠋ᠤᠢᠢᠯᠠᠪᠠᠯ ᠵᠦᠭᠡᠯᠡᠨ ᠵᠦᠭᠡᠯᠡᠨ ᠽᠠᠨᠪᠦᠯᠢᠩ᠃ ᠲᠦᠯᠦᠪᠦᠷᠢ ᠦᠭᠡᠢ ᠪᠤᠶᠠᠨ ᠤ ᠦᠢᠯᠡᠰ ᠪᠤᠯᠤᠭᠰᠠᠨ ᠤ ᠬᠤᠪᠢ ᠳ᠋ᠤ ᠨᠠᠶ᠋ᠮᠠᠨ ᠵᠢᠯ ᠤᠨ ᠲᠤᠷᠰᠢᠲᠠ ᠤᠯᠠᠨ ᠵᠦᠢᠯ ᠤᠨ ᠬᠦᠴᠢᠷᠲᠡᠯ ᠳ᠋ᠤ ᠲᠤᠯᠭᠠᠷᠠᠭᠰᠠᠨ᠃ ᠠᠩᠬᠢ ᠡᠷᠬᠢᠯᠡᠬᠦ ᠶᠠᠪᠤᠴᠠ ᠳ᠋ᠤ ᠲᠤᠷᠰᠢᠯᠭ᠎ᠠ ᠰᠤᠷᠭᠠᠮᠵᠢ ᠬᠤᠷᠠᠮᠲᠤᠭᠤᠯᠵᠤ᠂ ᠤᠯᠠᠨ ᠰᠠᠢᠢᠬᠠᠨ ᠬᠦᠮᠦᠰ ᠲᠠᠢ ᠲᠠᠨᠢᠯᠴᠠᠵᠤ ᠶᠠᠪᠤᠯ᠎ᠠ᠃ ᠮᠤᠩᠭ᠋ᠤᠯ ᠦᠭᠡ ᠬᠡᠯᠡ ᠦᠰᠦᠭ ᠪᠢᠴᠢᠭ᠌ ᠶᠢᠡᠨ ᠤᠯᠠᠮᠵᠢᠯᠠᠨ ᠵᠠᠯᠭᠠᠮᠵᠢᠯᠠᠬᠤ ᠲᠠᠪᠴᠠᠩ ᠬᠡᠷᠡᠭᠲᠡᠢ ᠪᠠᠢᠢᠲᠠᠭ᠂︿ᠤᠯᠠᠨ ᠤ ᠬᠦᠴᠦᠨ ᠳ᠋ᠤ ᠤᠪᠤᠭ᠎ᠠ ᠪᠤᠰᠤᠨ᠎ᠠᠭᠡᠲᠡᠭ ᠶᠢᠡᠷ ᠮᠠᠨ ᠤ ᠦᠢᠯᠡᠰ ᠰᠠᠢᠢᠬᠠᠨ ᠪᠤᠯᠬᠤ ᠨᠢ ᠯᠠᠪᠲᠠᠢ》ᠭᠡᠵᠦ ᠶᠠᠷᠢᠨ᠎ᠠ᠃

    ᠤᠢᠢᠯᠠᠭᠠᠭᠰᠠᠨ ᠶᠢᠡᠷ᠂ 2008 ᠤᠨ ᠳ᠋ᠤ ᠪᠡᠭᠡᠵᠢᠩ ᠤᠨ ᠮᠤᠩᠭ᠋ᠤᠯ ᠬᠡᠯᠡᠨ ᠰᠤᠶᠤᠯ ᠤᠨ ᠠᠩᠬᠢ ᠪᠠᠢᠢᠭᠤᠯᠤᠭᠲᠠᠭᠰᠠᠨ ᠡᠴᠡ ᠨᠠᠭᠠᠰᠢ᠂ ᠪᠡᠭᠡᠵᠢᠩ ᠳ᠋ᠡᠬᠢ ᠮᠤᠩᠭ᠋ᠤᠯᠴᠤᠳ ᠪᠤᠶᠤ ᠮᠤᠩᠭ᠋ᠤᠯ ᠰᠤᠶᠤᠯ ᠳ᠋ᠠᠭᠠᠨ ᠬᠠᠢᠢᠷᠠᠲᠠᠢ ᠪᠠᠬᠠᠲᠠᠢ ᠬᠦᠮᠦᠰ ᠲᠤ ᠮᠤᠩᠬ᠋ᠤᠯ ᠦᠭᠡ ᠬᠡᠯᠡ ᠦᠰᠦᠭ ᠪᠢᠴᠢᠭ᠌ ᠵᠢᠭᠠᠵᠤ ᠮᠤᠩᠭ᠋ᠤᠯ ᠰᠤᠶᠤᠯ ᠶᠢᠡᠨ ᠤᠢᠢᠯᠠᠭᠠᠭᠤᠯᠬᠤ ᠪᠡᠷ ᠵᠤᠷᠢᠯᠲᠠ ᠪᠤᠯᠭᠠᠨ ᠠᠵᠢᠯᠯᠠᠵᠤ᠂ 2016 ᠤᠨ ᠪᠤᠯᠬᠤ ᠳ᠋ᠤ 20 ᠦᠨᠳᠦᠰᠦᠲᠡᠨ ᠤ 2000 ᠭᠠᠷᠤᠢ ᠰᠤᠷᠤᠭᠴᠢᠳ ᠰᠤᠷᠤᠯᠴᠠᠵᠤ᠂ 10 ᠲᠦᠷᠦᠯ ᠤᠨ ᠬᠢᠴᠢᠶᠠᠯ ᠨᠡᠭᠡᠭᠡᠨ 100 ᠭᠠᠷᠤᠢ ᠰᠠᠢᠢᠨ ᠲᠤᠷᠠᠲᠠᠳ ᠪᠠᠭᠰᠢ ᠪᠡᠷ ᠠᠵᠢᠯᠯᠠᠪᠠ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119538753