蒙古文网站Logo
ᠰᠢᠨᠬᠤᠸᠠ ᠮᠤᠩᠭ᠋ᠤᠯ ᠨᠧᠲ

《ᠬᠦᠷᠢᠶ᠎ᠠ 》ᠲᠦᠭᠦᠷᠡᠩ ᠲᠡᠯᠭᠡᠷᠡᠭᠰᠡᠨ ᠰᠠᠭᠠᠭ ᠤᠨ ᠴᠡᠴᠡᠭ

2016-09-13 17:31

    ᠰᠢᠨᠬᠤᠸᠠ ᠮᠤᠩᠭ᠋ᠤᠯ ᠨᠸᠲ   ᠬᠦᠬᠡᠬᠤᠲᠠ ᠶ᠋ᠢᠨ 9 ᠰᠠᠷ᠎ᠠ ᠶ᠋ᠢᠨ13 ᠤ ᠡᠲᠦᠷ ‍ᠤᠨ ᠴᠠᠬᠢᠯᠭᠠᠨ ᠮᠡᠲᠡᠭᠡ(·ᠦᠵᠡᠰᠭᠦᠯᠡᠩ ᠂ ᠯᠢ ᠬᠠᠢ ᠵᠢᠶᠠᠩ)ᠦᠪᠦᠷ ᠮᠤᠩᠭ᠋ᠤᠯ ‍ᠤᠨ ᠲᠦᠩᠯᠢᠶᠤᠤ ᠬᠤᠲᠠ ᠶ᠋ᠢᠨ ᠬᠦᠷᠢᠶ᠎ᠠ ᠬᠤᠰᠢᠭᠤ ᠪᠤᠯᠰᠠᠭᠠᠭ ‍ᠤᠨ ᠨᠤᠲᠤᠭᠬᠡᠮᠡᠭᠲᠡᠭᠰᠡᠨ ᠰᠠᠶᠢᠬᠠᠨ ᠠᠯᠲᠠᠷ ᠲᠠᠢ ᠪᠠᠶᠢᠲᠠᠭ᠃ ᠪᠠᠶᠢᠭᠠᠯᠢ ᠤᠷᠴᠢᠨ ‍ᠤ ᠨᠦᠯᠦᠭᠡ ᠪᠠ ᠠᠭᠤᠷ ᠠᠮᠢᠰᠬᠤᠯ ᠵᠡᠷᠭᠡ ᠰᠢᠯᠲᠠᠭᠠᠨ ᠡᠴᠡ ᠪᠤᠯᠵᠤ ᠬᠦᠷᠢᠶ᠎ᠠ ᠨᠤᠲᠤᠭ ‍ᠤᠨ ᠰᠠᠭᠠᠭ ᠨᠢ ᠤᠭᠤᠷᠠᠭ ᠂ ᠦᠬᠡᠬᠦ ᠡᠯᠪᠡᠭ᠌ ᠠᠭᠤᠯᠤᠭᠲᠠᠵᠤ᠂ ᠬᠦᠮᠦᠨ ‍ᠤ ᠪᠠᠶ᠎ᠠ ᠶ᠋ᠢᠨ ᠡᠷᠡᠭᠦᠯ ᠮᠡᠨᠲᠦ ᠳ᠋ᠥ ᠠᠰᠢᠭᠲᠠᠢ ᠤᠯᠠᠨ ᠲᠦᠷᠦᠯ ‍ᠤᠨ ᠡᠷᠦᠲᠡᠰᠦ ᠂ ᠸᠢᠲ᠋ᠠᠮᠢᠨ ‍ᠤ ᠴᠢᠲᠠᠪᠬᠢ ᠲᠠᠢ ᠡᠴᠡ ᠬᠦᠮᠦᠰ ᠲᠣ ᠲᠠᠭᠠᠰᠢᠶᠠᠭᠲᠠᠲᠠᠭ ᠢᠲᠡᠭᠡᠨ ‍ᠤ ᠨᠢᠭᠡ ᠲᠦᠷᠦᠯ ᠪᠤᠯᠵᠠᠢ ᠃

    ᠬᠦᠷᠢᠶ᠎ᠠ ᠨᠤᠲᠤᠭ ‍ᠤᠨ ᠰᠠᠭᠠᠭ ᠨᠢ ᠭᠤᠷᠪᠠᠨ ᠲᠠᠯ᠎ᠠ ᠲᠠᠢ ᠂ ᠮᠦᠬᠦᠯᠢᠭ᠌ ᠨᠢ ᠲᠤᠮᠤ ᠂ ᠬᠠᠷ᠎ᠠ ᠦᠩᠭᠡ ᠲᠠᠢ ᠂ ᠡᠰᠢ ᠶ᠋ᠢᠨ ᠦᠨᠳᠦᠷ ᠨᠢ ᠪᠠᠷᠤᠭ100ᠰᠠᠨᠲ᠋ᠢᠮᠸᠲ᠋ᠷ ᠪᠠᠶᠢᠵᠤ ᠂ ᠡᠯᠡᠰᠦᠷᠬᠡᠭ ᠭᠠᠵᠠᠷ ᠤᠷᠭᠤᠬᠤ ᠳ᠋ᠥ ᠲᠤᠬᠢᠷᠠᠮᠵᠢᠲᠠᠢ ᠃ ᠨᠢᠭᠡ ᠰᠠᠭᠤᠷᠢ ᠰᠠᠭᠠᠭ ᠡᠴᠡ3— 4ᠰᠠᠯᠠᠭᠠᠯᠠᠵᠤ ᠂ ᠰᠠᠯᠠᠭ᠎ᠠ ᠪᠦᠷᠢ ᠡᠴᠡ ᠪᠠᠷᠤᠭ30 ᠰᠠᠭᠠᠭ ‍ᠤᠨ ᠲᠦᠷᠦᠬᠦᠦ ᠬᠤᠷᠢᠶᠠᠲᠠᠭ ᠃

    ᠡᠨᠡ ᠵᠢᠯ ᠂ ᠬᠦᠷᠢᠶ᠎ᠠ ᠨᠤᠲᠤᠭ ᠢᠶᠠᠷ ᠪᠤᠷᠤᠭᠠᠨ ᠬᠤᠷ᠎ᠠ ᠡᠯᠪᠡᠭ᠌ ᠪᠠᠶᠢᠵᠤ ᠂ ᠲᠠᠯ᠎ᠠ ᠵᠤ᠋ ᠂ ᠭᠤᠤ ᠭᠠᠩᠭ᠎ᠠ ᠲᠦᠭᠦᠷᠡᠩ ᠰᠠᠭᠠᠭ ‍ᠤᠨ ᠴᠡᠴᠡᠭ ᠲᠡᠯᠭᠡᠷᠡᠨ ᠡᠯᠪᠡᠭ ᠬᠤᠷᠢᠶᠡᠯᠲᠡ ᠶ᠋ᠢᠨ ᠵᠢᠯ ᠪᠤᠯᠤᠭᠰᠠᠨ ᠨᠢ ᠢᠯᠡᠬᠡᠨ ᠃ᠬᠠᠪᠤᠷ ᠲᠠᠷᠢᠵᠤ ᠂ ᠨᠠᠮᠤᠷ ᠬᠤᠷᠢᠶᠠᠲᠠᠭᠵᠢᠮ᠎ᠡ ᠪᠡᠷ ᠰᠢᠨᠬᠤᠸᠠ ᠮᠤᠩᠭ᠋ᠤᠯ ᠨᠸᠲ ᠲᠠᠨᠢ ᠦᠨᠦᠲᠦᠷ ᠬᠦᠷᠢᠶ᠎ᠡ ᠨᠤᠲᠤᠭ ‍ᠤᠨ ᠰᠠᠭᠠᠭ ‍ᠤᠨ ᠴᠡᠴᠡᠭ ᠬᠠᠷᠠᠭ᠎ᠠ ᠶ᠋ᠢ ᠪᠤᠯᠢᠶᠠᠮ᠎ᠠ ᠲᠡᠯᠭᠡᠷᠡᠭᠰᠡᠨ ᠭᠠᠶᠢᠬᠠᠮᠰᠢᠭᠲᠤ ᠵᠢᠷᠤᠭ ᠡᠴᠡ ᠬᠤᠪᠢᠶᠠᠯᠴᠠᠵᠤ ᠂ ᠪᠠᠶᠠᠨ ᠨᠠᠮᠤᠷ ‍ᠤᠨ ᠡᠯᠪᠡᠭ᠌ ᠬᠤᠷᠢᠶᠠᠯᠲᠠ ᠶ᠋ᠢ ᠲᠠᠨᠢ ᠬᠦᠰᠡᠶ᠎ᠡ!

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119559699