蒙古文网站Logo
ᠰᠢᠨᠬᠤᠸᠠ ᠮᠤᠩᠭ᠋ᠤᠯ ᠨᠧᠲ

ᠠᠮᠢ ᠠᠬᠤᠢ ᠶᠢᠨ ᠤᠰᠤᠨ ᠨᠤᠳᠤᠭ— ᠲᠦᠷᠪᠡᠳ ᠮᠤᠩᠭᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ

2016-09-30 16:48

    ᠰᠢᠨᠬᠤᠸᠠ ᠮᠤᠩᠭ᠋ᠤᠯ ᠨᠧᠲ  ᠳ᠋ᠠᠴᠢᠩ ᠤᠨ 9 ᠰᠠᠷ᠎ᠠ ᠶᠢᠨ 30 ᠤ᠋ ᠡᠳᠤᠷ ᠤᠨ ᠴᠠᠬᠢᠯᠭᠠᠨ ᠮᠡᠳᠡᠬᠡ (ᠪᠠᠢ ᠯᠢᠩ ᠳ᠋ᠢ) ᠠᠯᠳᠠᠨ ᠶᠠᠰᠤᠨ ᠤ ᠮᠢᠨᠢ ᠬᠡᠯᠳᠡᠷᠬᠡᠢ᠂ ᠠᠯᠠᠭ ᠮᠢᠬᠠᠨ ᠤ ᠮᠢᠨᠢ ᠳᠠᠰᠤᠷᠬᠠᠢ᠂ ᠳᠤᠪᠤ ᠮᠡᠷᠬᠡᠨ ᠤ ᠠᠬ᠎ᠠ ᠳᠡᠬᠦᠦ ᠪᠤᠯᠬᠤ ᠳᠤᠧᠠ ᠰᠤᠬᠤᠷ ᠤᠨ ᠬᠤᠶᠢᠴᠢᠰ— ᠳᠦᠷᠪᠡᠳ ᠶᠠᠰᠤᠳᠠᠳ ᠮᠠᠨᠢ ᠦᠶ᠎ᠡ ᠶᠢᠨ ᠦᠶ᠎ᠡ ᠨᠤᠨ ᠮᠦᠷᠡᠨ ᠢ ᠬᠦᠪᠡᠬᠡᠳᠡᠨ ᠦᠭᠰᠦᠨ ᠤᠷᠤᠭᠤᠳᠠᠨ ᠨᠡᠬᠦᠳᠡᠯᠯᠡᠵᠤ ᠠᠵᠤ ᠲᠦᠷᠦᠭᠰᠡᠬᠡᠷ ᠢᠷᠡᠵᠡᠢ᠃ ᠦᠨᠦᠳᠦᠷ᠂ ᠬᠠᠷᠠᠮᠦ᠋ᠷᠡᠨ ᠮᠤᠵᠢ ᠶᠢᠨ ᠴᠤᠷ ᠤᠨ ᠭᠠᠭᠴᠠ ᠴᠦᠬᠡᠨ ᠲᠤᠭᠠᠳᠤ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠪᠤᠯᠤᠭᠰᠠᠨ ᠳᠦᠷᠪᠡᠳ ᠮᠤᠩᠭ᠋ᠤᠯ ᠦᠨᠳᠦᠰᠦᠳᠡᠨ ᠤ ᠦᠪᠡᠷᠳᠡᠬᠡᠨ ᠵᠠᠰᠠᠬᠤ ᠰᠢᠶᠠᠨ ᠨᠢ 《ᠬᠤᠨ ᠤ ᠬᠦᠵᠦᠬᠦᠨ ᠳ᠋ᠡᠬᠢ ᠬᠡᠷᠡᠯᠳᠤ ᠰᠤᠪᠤᠳ》᠂《ᠤᠮᠠᠷᠠᠳᠤ ᠳᠤᠶᠢᠯ ᠤᠨ ᠦᠨᠡᠬᠡᠨ ᠤ ᠦᠯᠦᠬᠡᠢ》᠂《ᠳᠤᠮᠳᠠᠳᠤ ᠤᠯᠤᠰ ᠤᠨ ᠨᠤᠭᠤᠭᠠᠨ ᠪᠤᠷᠴᠠᠭ ᠤᠨ ᠦᠯᠦᠬᠡᠢ》᠂ 《ᠠᠮᠢ ᠠᠬᠤᠢ ᠶᠢᠨ ᠵᠢᠭᠠᠰᠤᠴᠢᠨ ᠤ ᠦᠯᠦᠬᠡᠢ》ᠬᠡᠮᠡᠨ ᠬᠤᠯᠠ ᠤᠶᠢᠷ᠎ᠠ ᠳᠤ ᠠᠯᠳᠠᠷ ᠨᠡᠷ᠎ᠡ ᠪᠡᠨ ᠳᠠᠭᠤᠷᠢᠰᠤᠭᠤᠯᠬᠤ ᠪᠤᠯᠵᠠᠢ᠃

    ᠲᠦᠷᠪᠡᠳ ᠮᠤᠩᠭ᠋ᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠨᠢ ᠬᠠᠷᠪᠢᠨ᠂ ᠳ᠋ᠠᠴᠢᠩ᠂ ᠴᠢᠴᠢᠬᠠᠷ ᠤᠨ ᠠᠵᠤ ᠦᠢᠯᠡᠰ ᠤᠨ ᠬᠤᠩᠬᠢᠯ ᠤᠨ ᠭᠤᠤᠯᠳᠠᠯᠭᠠᠳᠤ ᠴᠡᠭ ᠪᠦᠭᠡᠳ ᠵᠡᠬᠦᠨᠰᠢ ᠳ᠋ᠠᠴᠢᠩ᠂ ᠯᠢᠨ ᠳ᠋ᠢᠶᠠᠨ ᠰᠢᠶᠠᠨ ᠲᠠᠢ ᠬᠦᠷᠰᠢᠯᠡᠵᠤ᠂ ᠪᠠᠷᠠᠭᠤᠨᠰᠢ ᠲᠠᠢ ᠯᠠᠢ ᠰᠢᠶᠠᠨ᠂ ᠬᠢᠷᠢᠨ ᠮᠤᠵᠢ ᠶᠢᠨ ᠵᠧᠨ ᠯᠠᠢ ᠰᠢᠶᠠᠨ ᠲᠠᠢ ᠮᠦᠷᠡᠨ ᠢᠶᠡᠷ ᠵᠠᠭᠠᠭᠯᠠᠭᠳᠠᠵᠤ᠂ ᠡᠮᠦᠨᠡᠰᠢ ᠵᠤᠤ ᠶᠤᠸᠠᠨ ᠰᠢᠶᠠᠨ ᠲᠠᠢ ᠬᠤᠯᠪᠤᠯᠳᠤᠨ᠂ ᠤᠮᠠᠷᠠᠰᠢ ᠪᠡᠨ ᠴᠢᠴᠢᠬᠠᠷ ᠬᠤᠳᠠ ᠲᠠᠢ ᠵᠠᠯᠭᠠᠯᠳᠤᠵᠤ ᠪᠠᠶᠢᠳᠠᠭ᠃ ᠬᠠᠷᠢᠶᠠᠨ ᠳᠤ ᠪᠡᠨ 5 ᠪᠠᠯᠭᠠᠰᠤ᠂ 6 ᠰᠢᠶᠠᠩ᠂ 12 ᠠᠵᠤ ᠦᠢᠯᠡᠰ ᠤᠨ ᠳᠠᠯᠠᠪᠠᠢ ᠲᠠᠢ᠂ ᠨᠤᠳᠤᠭ ᠲᠡᠪᠢᠰᠬᠡᠷ ᠤᠨ ᠳᠠᠯᠠᠪᠠᠢ 6176 ᠺᠦᠸᠠᠳ᠋ ᠺᠢᠯᠤᠮᠧᠲ᠋ᠷ᠂ ᠨᠡᠶᠢᠳᠡ ᠢᠷᠬᠡᠨ ᠤ ᠳᠤᠭ᠎ᠠ 25.2 ᠲᠦᠮᠡ᠂ ᠡᠬᠦᠨ ᠳᠤ ᠮᠤᠩᠭ᠋ᠤᠯ ᠦᠨᠳᠦᠰᠦᠲᠡᠨ 18.2%  ᠢ᠋ ᠡᠵᠡᠯᠡᠳᠡᠭ᠃ ᠰᠢᠶᠠᠨ ᠤ ᠲᠦᠪ ᠲᠠᠢ ᠺᠠᠩ ᠪᠠᠯᠭᠠᠰᠤ ᠨᠢ ᠬᠠᠷᠪᠢᠨ ᠬᠤᠳᠠ ᠡᠴᠡ 200 ᠺᠢᠯᠤᠮᠧᠲ᠋ᠷ᠂ ᠳ᠋ᠠᠴᠢᠩ ᠡᠴᠡ 55 ᠺᠢᠯᠤᠮᠧᠲ᠋ᠷ᠂ ᠴᠢᠴᠢᠬᠠᠷ ᠡᠴᠡ 75 ᠺᠢᠯᠤᠮᠧᠲ᠋ᠷ ᠵᠠᠶᠢᠳᠠᠢ᠃ ᠬᠠᠷᠪᠢᠨ-ᠮᠠᠨᠵᠤᠤᠷ ᠴᠢᠭᠯᠡᠯ ᠤᠨ ᠲᠡᠮᠦᠷ ᠵᠠᠮ᠂ ᠬᠠᠷᠪᠢᠨ- ᠴᠢᠴᠢᠬᠠᠷ ᠴᠢᠭᠯᠡᠯ ᠤᠨ ᠬᠤᠷᠳᠤᠨ ᠤ ᠵᠠᠮ᠂ 201 ᠮᠤᠵᠢ ᠶᠢᠨ ᠵᠠᠮ᠂ ᠨᠤᠨ ᠮᠦᠷᠡᠨ ᠤ ᠤᠰᠤᠨ ᠲᠡᠭᠡᠭᠡᠪᠦᠷᠢ ᠶᠢᠨ ᠱᠤᠭᠤᠮ ᠵᠡᠷᠬᠡ ᠵᠠᠮ ᠬᠠᠷᠢᠯᠴᠠᠭ᠎ᠠ ᠰᠢᠶᠠᠨ ᠤ ᠬᠢᠯᠢ ᠪᠡᠷ ᠰᠦᠯᠵᠢᠯᠲᠤᠨ ᠦᠩᠬᠡᠷᠡᠵᠤ᠂ ᠳᠤᠰ ᠰᠢᠶᠠᠨ ᠳᠤ ᠶᠠᠭᠠᠬᠢᠬᠤ ᠶᠢᠨ ᠠᠷᠭ᠎ᠠ ᠦᠬᠡᠢ ᠬᠦᠭ᠍ᠵᠢᠯ ᠤᠨ ᠪᠤᠯᠤᠮᠵᠢ ᠬᠠᠩᠭᠠᠵᠠᠢ᠃

    ᠲᠦᠷᠪᠡᠳ ᠮᠤᠩᠭ᠋ᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠤ ᠬᠠᠷᠢᠶ᠎ᠠ ᠳᠤ ᠬᠤᠶᠠᠷ ᠶᠡᠬᠡ ᠤᠰᠤᠨ ᠰᠢᠰᠲ᠋ᠧᠮ ᠲᠠᠢ᠂ ᠰᠢᠶᠠᠨ ᠤ ᠲᠤᠮᠳᠠᠭᠤᠷ ᠨᠤᠨ ᠮᠦᠷᠡᠨ ᠮᠤᠷᠤᠶᠢᠯᠵᠠᠨ ᠦᠩᠬᠡᠷᠡᠵᠤ᠂ ᠤᠶᠢᠬᠤᠷ (乌裕尔河) ᠭᠤᠤᠯ᠂ ᠱᠤᠸᠠᠩ ᠶᠠᠩ ᠭᠤᠤᠯ ᠰᠠᠯᠪᠤᠷᠢᠯᠠᠨ ᠤᠷᠤᠰᠤᠭᠰᠠᠨ ᠢᠶᠡᠷ ᠮᠠᠰᠢ ᠤᠯᠠᠨ ᠶᠡᠬᠡ ᠪᠠᠭ᠎ᠠ ᠨᠠᠭᠤᠷ ᠴᠦᠬᠦᠷᠤᠮ ᠢ ᠪᠦᠷᠢᠯᠳᠤᠬᠦᠯᠵᠤ᠂ 《ᠮᠢᠩᠭᠠᠨ ᠨᠠᠭᠤᠷᠳᠤ ᠰᠢᠶᠠᠨ》ᠬᠡᠮᠡᠬᠦ ᠰᠠᠶᠢᠬᠠᠨ ᠨᠡᠷ᠎ᠡ ᠠᠯᠳᠠᠷ ᠢ ᠤᠯᠭᠤᠵᠠᠢ᠃ 206 ᠲᠦᠮᠡᠨ ᠮᠦ ᠤᠰᠤᠨ ᠤ ᠲᠠᠯᠠᠪᠠᠢ ᠨᠢ ᠰᠢᠶᠠᠨ ᠤ ᠨᠤᠳᠤᠭ ᠳᠡᠪᠢᠰᠬᠡᠷ ᠤᠨ 22.1% ᠢ ᠡᠵᠡᠯᠡᠵᠤ᠂ ᠵᠢᠭᠠᠰᠤ ᠲᠡᠵᠢᠬᠡᠵᠤ ᠪᠤᠯᠬᠤ ᠤᠰᠤᠨ ᠤ ᠲᠠᠯᠠᠪᠠᠢ 154 ᠲᠦᠮᠡᠨ ᠮᠦ ᠳᠤ ᠬᠦᠷᠦᠭᠰᠡᠨ ᠢᠶᠡᠷ ᠵᠢᠭᠠᠰᠤᠨ ᠤ ᠦᠢᠯᠡᠰ ᠡᠨᠡ ᠨᠤᠳᠤᠭ ᠤᠨ ᠳᠤᠯᠭᠠᠭᠤᠷᠢ ᠠᠵᠤ ᠦᠢᠯᠡᠰ ᠪᠤᠯᠤᠭᠰᠠᠨ ᠶᠤᠮ᠃ ᠡᠨᠳᠡ ᠨᠡᠶᠢᠲᠡ 61 ᠲᠦᠷᠦᠯ ᠤᠨ ᠵᠢᠭᠠᠰᠤ ᠲᠠᠢ᠂ ᠡᠬᠦᠨ ᠳᠤ ᠴᠠᠭᠠᠨ ᠵᠢᠭᠠᠰᠤ᠂ ᠤᠤᠬ᠎ᠠ ᠵᠢᠭᠠᠰᠤ᠂ ᠭᠤᠤᠯ ᠤᠨ ᠨᠡᠶ᠋ᠮᠡᠯᠵᠢ᠂ ᠰᠢᠩ ᠺᠠᠢ ᠨᠠᠭᠤᠷ ᠤᠨ ᠲᠤᠮᠤ ᠴᠠᠭᠠᠨ ᠵᠢᠭᠠᠰᠤ ᠵᠡᠷᠬᠡ ᠪᠡᠷ ᠲᠦᠯᠦᠭᠡᠯᠡᠬᠦᠯᠦᠭᠰᠡᠨ ᠨᠡᠷᠡᠳᠤ ᠰᠢᠯᠢᠳᠡᠭ ᠵᠢᠭᠠᠰᠤᠨ ᠤ ᠲᠦᠷᠦᠯ ᠨᠢ 43% ᠶ᠋ᠢ ᠡᠵᠡᠯᠡᠳᠡᠭ᠃ 2015 ᠤᠨ ᠳᠤ᠂ ᠪᠦᠬᠦ ᠰᠢᠶᠠᠨ ᠤ ᠤᠰᠤᠨ ᠤ ᠭᠠᠷᠤᠯᠲᠠ ᠶᠢᠨ ᠦᠢᠯᠡᠳᠬᠦᠨ ᠤ ᠬᠡᠮᠵᠢᠶ᠎ᠡ 3.3 ᠲᠦᠮᠡᠨ ᠲᠤᠨ ᠳᠤ ᠬᠦᠷᠴᠦ᠂ ᠵᠢᠭᠠᠰᠤᠨ ᠠᠵᠤ ᠦᠢᠯᠡᠰ ᠤᠨ ᠶᠡᠷᠦᠩᠬᠡᠢ ᠦᠷᠳᠡᠭ 3.5 ᠲᠦᠮᠡᠨ ᠳ᠋ᠦᠩᠰᠢᠭᠤᠷ ᠢ ᠲᠠᠪᠠᠭᠰᠠᠨ ᠪᠠᠶᠢᠨ᠎ᠠ᠃

    ᠬᠠᠷᠠᠮᠦ᠋ᠷᠡᠨ ᠮᠤᠵᠢ ᠶᠢᠨ ᠮᠠᠯ ᠠᠵᠤ ᠠᠬᠤᠢ ᠶᠢᠨ ᠬᠦᠴᠦᠷᠬᠡᠭ᠌ ᠰᠢᠶᠠᠨ ᠪᠤᠯᠤᠭᠰᠠᠨ ᠤ ᠬᠤᠪᠢ ᠳᠤ ᠲᠦᠷᠪᠡᠳ ᠮᠤᠩᠭ᠋ᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠬᠠᠷᠠᠮᠦ᠋ᠷᠡᠨ ᠮᠤᠵᠢ ᠶᠢᠨ ᠬᠠᠮᠤᠭ ᠤᠨ ᠦᠷᠬᠡᠨ ᠬᠡᠪᠴᠢᠶ᠎ᠠ ᠲᠠᠢ ᠲᠠᠯ᠎ᠠ ᠨᠤᠳᠤᠭ ᠢ ᠦᠪᠯᠡᠵᠤ᠂ ᠪᠡᠯᠴᠢᠭᠡᠷ ᠤᠨ ᠲᠠᠯᠠᠪᠠᠢ 339 ᠲᠦᠮᠡᠨ ᠮᠦ᠂ ᠬᠤᠯᠤᠰᠤᠳᠤ ᠭᠠᠵᠠᠷ 87 ᠲᠦᠮᠡᠨ ᠮᠦ᠂ ᠤᠶᠢᠳᠤ ᠭᠠᠵᠠᠢ ᠤᠨ ᠲᠠᠯᠠᠪᠠᠢ 128 ᠲᠦᠮᠡᠨ ᠮᠦ᠂ ᠤᠢ ᠰᠢᠭᠤᠢ ᠪᠦᠷᠬᠦᠭ᠍ᠰᠡᠨ ᠬᠡᠮᠵᠢᠶ᠎ᠡ ᠨᠢ 13.8% ᠳ᠋ᠤ ᠬᠦᠷᠴᠦ ᠪᠠᠶᠢᠨ᠎ᠠ᠃ ᠢᠯᠠᠩᠭ᠋ᠤᠶ᠎ᠠ ᠬᠢᠳᠠᠳ ᠡᠪᠡᠰᠤᠨ ᠡᠮ ᠤᠨ ᠮᠠᠲ᠋ᠧᠷᠢᠶᠠᠯ 100 ᠭᠠᠷᠤᠢ ᠲᠦᠷᠦᠯ ᠲᠠᠢ ᠪᠡᠷ ᠢᠶᠡᠨ ᠤᠰᠤ᠂ ᠲᠠᠯ᠎ᠠ᠂ ᠬᠤᠯᠤᠰᠤ᠂ ᠡᠮ ᠤᠨ ᠨᠦᠬᠡᠴᠡ ᠶᠢᠨ ᠬᠡᠮᠵᠢᠶ᠎ᠡ ᠪᠡᠷ ᠮᠤᠵᠢ ᠶᠢᠨ ᠲᠤᠳᠤᠷ᠎ᠠ ᠰᠢᠶᠠᠨ ᠤ ᠵᠡᠷᠬᠡᠯᠡᠯ ᠤᠨ ᠲᠡᠷᠢᠬᠦᠨ ᠪᠠᠶᠢᠷᠢᠨ ᠳᠤ ᠵᠢᠬᠰᠠᠵᠠᠢ᠃

    ᠲᠦᠷᠪᠡᠳ ᠮᠤᠩᠭ᠋ᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠳᠡᠰ ᠤᠨ ᠭᠠᠳᠠᠭᠠᠳᠤ ᠤᠬᠠᠭᠤᠯᠭ᠎ᠠ ᠶᠢᠨ ᠰᠠᠯᠠᠭᠠᠨ ᠳᠠᠷᠤᠭ᠎ᠠ ᠴᠧᠩ ᠢᠤᠢ ᠡᠾᠧᠩ ᠤᠨ ᠳᠠᠨᠢᠯᠴᠠᠭᠤᠯᠤᠭᠰᠠᠨ ᠢᠶᠡᠷ᠂ ᠲᠦᠷᠪᠡᠳ ᠮᠤᠩᠭ᠋ᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠤ ᠨᠠᠮ ᠤᠨ ᠬᠤᠷᠢᠶ᠎ᠠ ᠨᠢ ᠰᠢᠨᠵᠢᠯᠡᠬᠦ ᠤᠬᠠᠭᠠᠨᠴᠢ ᠬᠦᠭ᠍ᠵᠢᠯᠲᠡ᠂ ᠲᠤᠭᠳᠠᠪᠤᠷᠢᠲᠠᠢ ᠬᠦᠭ᠍ᠵᠢᠯᠲᠡ ᠶᠢᠨ ᠵᠤᠭᠰᠤᠴᠠ ᠡᠴᠡ ᠠᠮᠢ ᠠᠬᠤᠢ ᠶᠢᠨ ᠪᠦᠲᠦᠬᠡᠨ ᠪᠠᠶᠢᠭᠤᠯᠤᠯᠳᠠ ᠪᠡᠷ ᠭᠤᠤᠯ ᠴᠤᠭᠴᠠ ᠪᠤᠯᠭᠠᠭᠰᠠᠨ 《ᠮᠠᠯ ᠠᠵᠤ ᠠᠬᠤᠢ ᠶᠢᠨ ᠬᠦᠴᠦᠷᠬᠡᠭ᠌᠌ ᠰᠢᠶᠠᠨ᠂ ᠠᠶᠠᠯᠠᠯ ᠵᠢᠭᠤᠯᠴᠢᠯᠠᠯ ᠤᠨ ᠲᠤᠮᠤ ᠰᠢᠶᠠᠨ᠂ ᠠᠮᠢ ᠠᠬᠤᠢ ᠶᠢᠨ ᠨᠡᠷᠡᠳᠤ ᠰᠢᠶᠠᠨ》ᠪᠤᠯᠬᠤ ᠬᠦᠭ᠍ᠵᠢᠯᠲᠡ ᠶᠢᠨ ᠪᠠᠶᠢᠯᠳᠤᠬᠤ ᠪᠤᠳᠤᠯᠭ᠎ᠠ ᠶᠢ ᠲᠤᠷᠠᠳᠤᠭᠰᠠᠨ ᠢᠶᠡᠷ᠂ 2015 ᠤᠨ ᠬᠡᠬᠦ ᠳᠤ ᠰᠢᠶᠠᠨ ᠤ ᠦᠢᠯᠡᠳᠪᠦᠷᠢᠯᠡᠯ ᠤᠨ ᠶᠡᠷᠦᠩᠬᠡᠢ ᠦᠷᠳᠡᠭ ᠪᠤᠯᠤᠨ ᠭᠠᠵᠠᠷ ᠤᠷᠤᠨ ᠤ ᠡᠳ᠋ ᠤᠨ ᠵᠠᠰᠠᠭ ᠤᠨ ᠤᠷᠤᠯᠭ᠎ᠠ ᠲᠤᠰ ᠲᠤᠰ 103.2 ᠳ᠋ᠦᠩᠰᠢᠭᠤᠷ ᠪᠠ 4.5 ᠳ᠋ᠦᠩᠰᠢᠭᠤᠷ ᠲᠦᠬᠦᠷᠢᠭ᠌᠌ ᠲᠤ ᠬᠦᠷᠴᠤ᠂ ᠬᠤᠳᠠ ᠪᠠᠯᠭᠠᠰᠤ ᠪᠤᠯᠤᠨ ᠬᠦᠳᠡᠭᠡ ᠲᠤᠰᠬᠤᠨ ᠤ ᠰᠠᠭᠤᠭᠠᠯᠢ ᠠᠷᠠᠳ ᠤᠨ ᠬᠤᠪᠢᠳᠠᠭᠰᠠᠨ ᠤᠷᠤᠯᠭ᠎ᠠ ᠳᠤᠰ ᠳᠤᠰ 2.01 ᠳ᠋ᠦᠩᠰᠢᠭᠤᠷ ᠪᠠ 1.17 ᠳ᠋ᠦᠩᠰᠢᠭᠤᠷ ᠲᠦᠬᠦᠷᠢᠭ᠌᠌ ᠲᠤ ᠬᠦᠷᠴᠠᠢ᠃ ᠡᠶᠢᠨᠬᠦ ᠰᠢᠶᠠᠨ ᠤ ᠡᠳ᠋ ᠤᠨ ᠵᠠᠰᠠᠭ ᠮᠤᠵᠢ ᠶᠢᠨ ᠲᠤᠳᠤᠭᠠᠳᠤ ᠳᠤ 15 ᠳ᠋ᠤᠭᠠᠷ ᠲᠤ ᠪᠠᠶᠢᠷᠢᠯᠠᠬᠤ ᠪᠤᠯᠵᠠᠢ᠃

    ᠰᠡᠬᠦᠯ ᠤᠨ ᠵᠢᠯ ᠤᠳ ᠲᠤ᠂ ᠲᠦᠷᠪᠡᠳ ᠮᠤᠩᠭ᠋ᠤᠯ ᠦᠨᠳᠦᠰᠦᠲᠡᠨ ᠤ ᠦᠪᠡᠷᠲᠡᠬᠡᠨ ᠵᠠᠰᠠᠬᠤ ᠰᠢᠶᠠᠨ ᠳᠤ ᠦᠢᠯᠡᠰ ᠪᠦᠬᠦᠨ ᠴᠡᠴᠡᠭᠯᠡᠨ ᠬᠦᠭ᠍ᠵᠢᠵᠤ᠂ ᠠᠮᠵᠢᠯᠲᠠ ᠪᠦᠲᠦᠮᠵᠢ ᠳᠦᠬᠦᠷᠡᠩ ᠪᠤᠯᠤᠯ᠎ᠠ᠃ ᠠᠮᠢ ᠠᠬᠤᠢ ᠶᠢᠨ ᠪᠦᠲᠦᠬᠡᠨ ᠪᠠᠶᠢᠭᠤᠯᠤᠯᠳᠠ ᠶᠢᠨ ᠲᠠᠯ᠎ᠠ ᠪᠡᠷ ᠢᠯᠡᠷᠬᠡᠢ ᠦᠷ᠎ᠡ ᠳ᠋ᠦᠩ ᠲᠠᠢ ᠪᠠᠶᠢᠵᠤ᠂ 《ᠪᠠᠷᠠᠭᠤᠨ ᠬᠤᠶᠢᠳᠤ ᠶᠢᠨ ᠰᠠᠯᠬᠢᠨ ᠤ ᠠᠮᠠ》 ᠶ᠋ᠢ ᠠᠮᠵᠢᠯᠲᠠ ᠲᠠᠢ ᠵᠠᠰᠠᠵᠤ᠂ ᠡᠯᠡᠰᠤ ᠶᠢ ᠵᠠᠰᠠᠨ ᠰᠡᠷᠬᠡᠶᠢᠯᠡᠬᠦ ᠤᠯᠤᠰ ᠤᠨ ᠵᠡᠷᠬᠡᠯᠡᠯ ᠤᠨ ᠬᠤᠰᠢᠭᠤᠴᠢ ᠰᠢᠶᠠᠨ᠂ ᠠᠮᠢ ᠠᠬᠤᠢ ᠶᠢᠨ ᠪᠠᠶᠢᠭᠠᠯᠢ ᠤᠷᠴᠢᠨ ᠨᠠᠮᠤᠭ ᠭᠠᠵᠠᠷ ᠢ ᠬᠠᠮᠠᠭᠠᠯᠠᠭᠰᠠᠨ ᠵᠢᠱᠢᠶ᠎ᠠ ᠦᠵᠡᠬᠦᠯᠬᠦ ᠱᠠᠩᠨᠠᠯ᠂ 《ᠭᠤᠷᠪᠠᠨ ᠬᠤᠶᠢᠳᠤ》  ᠶ᠋ᠢᠨ ᠤᠢ ᠰᠢᠭᠤᠢ ᠶᠢ ᠬᠠᠮᠠᠭᠠᠯᠠᠬᠤ ᠪᠦᠲᠦᠴᠡ ᠶᠢᠨ ᠪᠠᠶᠢᠭᠤᠯᠤᠯᠳᠠ ᠳᠤ 30 ᠵᠢᠯ ᠤᠨ ᠤᠨᠴᠠᠭᠠᠢ ᠦᠷ᠎ᠡ ᠨᠦᠯᠦᠬᠡ ᠲᠠᠢ ᠨᠢᠬᠡᠴᠡ᠂ 《ᠡᠵᠢ ᠨᠠᠭᠤᠷ》 ᠱᠠᠩᠨᠠᠯ᠂ ᠠᠮᠢ ᠠᠬᠤᠢ ᠶᠢᠨ ᠵᠢᠱᠢᠶᠡᠴᠢ ᠤᠷᠤᠨ ᠵᠡᠷᠬᠡ ᠤᠯᠠᠨ ᠱᠠᠩᠨᠠᠯ᠂ ᠤᠯᠠᠨ ᠴᠤᠯᠠ ᠬᠦᠷᠲᠡᠭᠰᠡᠨ ᠪᠠᠶᠢᠨ᠎ᠠ᠃ ᠠᠶᠠᠯᠠᠯ ᠵᠢᠭᠤᠯᠴᠢᠯᠠᠯ ᠤᠨ ᠦᠢᠯᠡᠰ ᠤᠨ ᠬᠤᠪᠢ ᠳᠤ᠂ ᠵᠠᠯᠭᠠᠯᠳᠤᠭᠰᠠᠨ ᠨᠠᠭᠤᠷ ᠤᠨ ᠬᠠᠯᠠᠭᠤᠨ ᠷᠠᠰᠢᠶᠠᠨ᠂ 《ᠠᠮᠲᠠ》 ᠮᠤᠩᠭ᠋ᠤᠯ ᠵᠠᠩ ᠵᠠᠩᠰᠢᠯ ᠤᠨ ᠠᠷᠠᠯ ᠵᠡᠷᠬᠡ ᠤᠯᠤᠰ ᠤᠨ 4A ᠵᠡᠷᠬᠡᠯᠡᠯ ᠤᠨ ᠦᠵᠡᠮᠦᠷᠢ ᠶᠢᠨ ᠪᠦᠰᠡ 4 ᠪᠠᠶᠢᠵᠤ᠂ ᠡᠬᠢᠨ ᠤ ᠪᠦᠯᠦᠭ《ᠤᠯᠤᠰ ᠤᠨ ᠪᠦᠬᠦ ᠪᠦᠰᠡ ᠶᠢᠨ ᠠᠶᠠᠯᠠᠯ ᠵᠢᠭᠤᠯᠴᠢᠯᠠᠯ ᠤᠨ ᠵᠢᠱᠢᠶᠡᠴᠢ》ᠪᠤᠯᠵᠠᠢ᠃ ᠲᠠᠷᠢᠶᠠᠯᠠᠬᠤ ᠠᠵᠤ ᠦᠢᠯᠡᠰ ᠦᠳᠳᠤᠷ ᠬᠦᠭ᠍ᠵᠢᠵᠤ᠂ ᠠᠮᠤ ᠪᠤᠳᠠᠭ᠎ᠠ ᠶᠢᠨ ᠶᠡᠷᠦᠩᠬᠡᠢ ᠤᠨᠠᠯᠳᠠ ᠨᠢ 25 ᠳ᠋᠋ᠦ᠋ᠩᠰᠢᠭᠤᠷ ᠵᠢᠩ ᠢ ᠲᠠᠪᠠᠵᠤ᠂ ᠤᠯᠤᠰ ᠤᠨ ᠠᠮᠤ ᠪᠤᠳᠠᠭᠠᠨ ᠤ ᠤᠨᠠᠯᠳᠠ ᠶᠢᠨ ᠲᠤᠮᠤ ᠰᠢᠶᠠᠨ ᠳᠤ ᠵᠢᠬᠰᠠᠭᠠᠭᠳᠠᠨ᠂ ᠲᠤᠮᠳᠠᠳᠤ ᠤᠯᠤᠰ ᠤᠨ 《ᠨᠤᠭᠤᠭᠠᠨ ᠪᠤᠷᠴᠠᠭ ᠤᠨ ᠦᠯᠦᠬᠡᠢ》ᠬᠡᠮᠡᠬᠦ ᠠᠯᠳᠠᠷ ᠢ ᠦᠩᠬᠡ ᠬᠡᠷᠡᠯ ᠲᠠᠢ ᠪᠡᠷ ᠬᠦᠯᠢᠶᠡᠨ ᠠᠪᠤᠪᠠ᠃ ᠤᠯᠠᠨ ᠡᠰᠢᠵᠢᠯᠲᠡ ᠶᠢᠨ ᠮᠠᠯ ᠠᠵᠤ ᠠᠬᠤᠢ ᠦᠳᠳᠤᠷ ᠬᠦᠭ᠍ᠵᠢᠵᠤ᠂ 300 ᠲᠤᠯᠤᠭᠠᠢ ᠡᠴᠡ ᠲᠡᠭᠡᠭ᠍ᠰᠢ ᠬᠡᠪᠴᠢᠶ᠎ᠡ ᠲᠠᠢ ᠪᠠᠷᠢᠮᠵᠢᠶᠠᠵᠢᠭᠰᠠᠨ ᠮᠠᠯᠵᠢᠯ ᠤᠨ ᠲᠠᠯᠠᠪᠤᠷ 101 ᠪᠠᠶᠢᠵᠤ᠂ 6 ᠲᠦᠮᠡ ᠭᠠᠷᠤᠢ ᠰᠢᠯᠢᠳᠡᠭ ᠡᠬᠦᠯᠳᠡᠷ ᠤᠨ ᠰᠠᠭᠠᠯᠢ ᠶᠢᠨ ᠦᠨᠢᠶ᠎ᠡ ᠶᠢ ᠲᠡᠵᠢᠬᠡᠨ ᠦᠷᠡᠵᠢᠬᠦᠯᠬᠦ ᠳᠤ ᠬᠠᠩᠭᠠᠮᠵᠢ ᠲᠠᠢ ᠪᠤᠯᠤᠭᠰᠠᠨ ᠢᠶᠡᠷ ᠤᠯᠤᠰ ᠤᠨ ᠦᠨᠢᠶᠡᠨ ᠰᠦ᠋ ᠶᠢᠨ ᠦᠢᠯᠡᠳᠪᠦᠷᠢᠯᠡᠯ ᠤᠨ ᠬᠦᠴᠦᠷᠬᠡᠭ᠌ ᠰᠢᠶᠠᠨ ᠪᠦᠭᠡᠳ ᠤᠯᠤᠰ ᠤᠨ ᠲᠠᠪᠠᠭᠤᠯᠢᠭ ᠰᠠᠭᠠᠯᠢ ᠶᠢᠨ ᠦᠨᠢᠶ᠎ᠡ ᠶᠢᠨ ᠦᠢᠯᠡᠰ ᠤᠨ ᠪᠦᠰᠡ ᠶᠢᠨ ᠪᠦᠲᠦᠬᠡᠨ ᠪᠠᠶᠢᠭᠤᠯᠤᠯᠳᠠ ᠶᠢᠨ ᠵᠢᠱᠢᠶᠡᠴᠢ ᠰᠢᠶᠠᠨ ᠢᠶᠡᠷ ᠦᠨᠡᠯᠡᠭᠳᠡᠵᠡᠢ᠃

    ᠤᠳᠤᠬᠢᠴᠢᠯᠠᠭᠰᠠᠨ ᠠᠵᠤ ᠦᠢᠯᠡᠰ ᠲᠠᠬᠢᠨ ᠤᠷᠬᠢᠯ ᠳᠤ ᠭᠠᠷᠴᠤ᠂ ᠮᠤᠵᠢ ᠶᠢᠨ ᠵᠡᠷᠬᠡᠯᠡᠯ ᠤᠨ ᠠᠵᠤ ᠦᠢᠯᠡᠳᠪᠦᠷᠢ ᠶᠢᠨ ᠬᠦᠷᠢᠶᠡᠯᠡᠩ ᠪᠠᠶᠢᠭᠤᠯᠤᠭᠳᠠᠵᠤ᠂ ᠠᠮᠧᠷᠢᠺᠠ ᠬᠢᠬᠡᠳ ᠰᠢᠶᠠᠩᠭ᠋ᠠᠩ ᠤᠨ ᠤᠯᠠᠨ ᠤᠯᠤᠰ ᠤᠨ ᠨᠡᠷᠡᠳᠤ ᠺᠤᠮᠫᠠᠨᠢ ᠡᠴᠡ ᠪᠡᠯᠡ ᠤᠷᠤᠭᠤᠯᠤᠭᠰᠠᠨ ᠬᠡᠮᠵᠢᠶ᠎ᠡ ᠨᠢ 30 ᠳ᠋ᠦᠩᠰᠢᠭᠤᠷ ᠲᠦᠭᠦᠷᠢᠭ᠌ ᠲᠤ ᠬᠦᠷᠴᠡᠢ᠃ ᠢᠯᠢ ᠺᠤᠮᠫᠠᠨᠢ ᠶᠢᠨ ᠵᠢᠷᠭᠤᠭ᠎ᠠ ᠤᠳᠠᠭᠠᠨ ᠤ ᠶᠡᠷᠦᠩᠬᠡᠢ ᠪᠡᠯᠡ ᠤᠷᠤᠭᠤᠯᠤᠯᠳᠠ ᠨᠢ 15 ᠳ᠋ᠦᠩᠰᠢᠭᠤᠷ ᠲᠦᠬᠦᠷᠢᠭ᠌ ᠲᠤ ᠬᠦᠷᠴᠦ᠂ ᠵᠢᠯ ᠳᠤ ᠪᠡᠨ 5.7 ᠲᠦᠮᠡᠨ ᠲᠤᠨ ᠰᠦᠨ ᠲᠠᠯᠬ᠎ᠠ ᠦᠢᠯᠡᠳᠪᠦᠷᠢᠯᠡᠵᠤ᠂ ᠨᠢᠯᠬ᠎ᠠ ᠬᠡᠦᠬᠡᠳ ᠤᠨ ᠰᠦᠨ ᠲᠠᠯᠬ᠎ᠠ ᠶᠢᠨ ᠠᠽᠢᠶ᠎ᠠ ᠶᠢᠨ ᠦᠢᠯᠡᠳᠬᠦᠨ ᠤ ᠰᠠᠭᠤᠷᠢᠨ ᠪᠤᠯᠵᠠᠢ᠃ ᠵᠢᠭᠠᠰᠤᠨ ᠤ ᠠᠵᠤ ᠦᠢᠯᠡᠰ ᠮᠦᠨ ᠦᠷᠨᠢᠨ ᠬᠦᠭ᠍ᠵᠢᠵᠤ᠂ 《ᠠᠮᠢ ᠠᠬᠤᠢ ᠶᠢᠨ ᠵᠢᠭᠠᠰᠤᠴᠢᠨ ᠤ ᠦᠯᠦᠬᠡᠢ》  ᠶ᠋ᠢᠨ ᠨᠡᠷ᠎ᠡ ᠠᠯᠳᠠᠷ ᠢᠶᠡᠨ ᠦᠷᠬᠦᠯᠵᠢᠯᠡᠨ ᠳᠠᠭᠤᠷᠢᠰᠤᠭᠤᠯᠵᠤ᠂ ᠨᠡᠶᠢᠲᠡ ᠶᠢᠨ ᠬᠦᠨᠦᠬᠡᠯ ᠦᠭᠡᠢ ᠳᠠᠯᠠᠪᠠᠢ ᠪᠤᠯᠤᠨ ᠤᠷᠭᠠᠨᠢᠭ ᠤᠰᠤ ᠪᠡᠷ ᠦᠷᠡᠵᠢᠬᠦᠯᠦᠭᠰᠡᠨ ᠦᠢᠯᠡᠳᠬᠦᠨ ᠤ ᠭᠠᠵᠠᠷ ᠳᠤᠰ ᠳᠤᠰ 100 ᠲᠦᠮᠡᠨ ᠮᠦ ᠪᠠ 33.6 ᠲᠦᠮᠡᠨ ᠮᠦ ᠳᠤ ᠬᠦᠷᠴᠦ᠂ 4 ᠦᠢᠯᠡᠳᠪᠦᠷᠢᠯᠡᠬᠦ ᠺᠤᠮᠫᠠᠨᠢ ᠲᠠᠢ ᠬᠤᠷᠰᠢᠨ ᠶᠡᠷᠦᠩᠬᠡᠢ ᠪᠡᠯᠡ ᠤᠷᠤᠭᠤᠯᠤᠯᠳᠠ ᠨᠢ 2 ᠳ᠋ᠦᠩᠰᠢᠭᠤᠷ ᠲᠦᠭᠦᠷᠢᠭ᠌ ᠢ ᠲᠠᠪᠠᠵᠤ᠂ 2015 ᠤᠨ ᠳᠤ ᠵᠢᠭᠠᠰᠤᠨ ᠤ ᠠᠵᠤ ᠦᠢᠯᠡᠰ ᠤᠨ ᠦᠢᠯᠡᠳᠬᠦᠨ ᠤ ᠦᠷᠳᠡᠭ ᠨᠢ 3.1 ᠳ᠋ᠦᠩᠰᠢᠭᠤᠷ ᠲᠦᠭᠦᠷᠢᠭ᠌ ᠲᠤ ᠬᠦᠷᠴᠡᠢ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119658023