蒙古文网站Logo
ᠰᠢᠨᠬᠤᠸᠠ ᠮᠤᠩᠭ᠋ᠤᠯ ᠨᠧᠲ

ᠦᠵᠡᠰᠭᠦᠯᠡᠩᠲᠦ ᠨᠤᠲᠤᠭ  ᠤᠨ ᠥᠨᠢᠷ ᠦᠵᠡᠮᠵᠢ-- ᠪᠠᠲᠤᠴᠠᠭᠠᠨ

2016-10-05 18:58

    ᠰᠢᠨᠬᠤᠸᠠ ᠮᠤᠩᠭᠤᠯ ᠨᠧᠲ  ᠲᠦᠩᠯᠢᠶᠤᠤ ᠶᠢᠨ 10 ᠰᠠᠷ᠎ᠠ ᠶᠢᠨ 5 ᠤ᠋ ᠡᠲᠦᠷ ᠤᠨ ᠴᠠᠬᠢᠯᠭᠠᠨ ᠮᠡᠲᠡᠭᠡ (ᠬ•ᠦᠵᠡᠰᠬᠦᠯᠡᠩ) ᠪᠠᠲᠤᠴᠠᠭᠠᠨ ᠮᠤᠲᠤ ᠲᠠᠯ᠎ᠠ ᠵᠤ᠋᠂ ᠬᠦᠨᠲᠡᠢ ᠵᠢᠯᠠᠭ᠎ᠠ ᠶᠢ ᠪᠦᠷᠬᠦᠨ ᠤᠯᠠᠯᠵᠠᠵᠤ᠂ ᠨᠠᠯᠠᠭᠠᠷ ᠨᠠᠮᠤᠷ ᠤᠨ ᠪᠠᠶᠠᠨ ᠲᠠᠩᠰᠤᠭ᠂ ᠡᠯᠪᠡᠭ᠌ ᠬᠤᠷᠢᠶᠠᠯᠲᠠ ᠶᠢ ᠲᠠᠭᠤᠯᠠᠨᠠᠮ! ᠡᠨᠡ ᠪᠤᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠤᠷᠴᠢᠨ ᠵᠠᠬᠦᠨ ᠭᠠᠷᠤᠨ ᠬᠤᠢᠢᠲᠤ ᠬᠤᠰᠢᠭᠤᠨ ᠤ ᠤᠲᠠᠨᠲᠠᠯ᠎ᠠ ᠤᠢ ᠰᠢᠭᠤᠢ ᠶᠢᠨ ᠲᠠᠯᠠᠪᠠᠢ ᠪᠤᠯᠤᠨ᠎ᠠ᠃

    ᠨᠠᠮᠤᠷ ᠪᠤᠯᠬᠤ ᠪᠦᠷᠢ ᠡᠲᠦᠷ ᠰᠦᠨᠢ ᠶᠢᠨ ᠵᠦᠷᠢᠶ᠎ᠠ ᠬᠤᠪᠢᠷᠠᠯᠲᠠ ᠭᠠᠷᠬᠤ ᠪᠡᠷ ᠪᠠᠲᠤᠴᠠᠭᠠᠨ ᠮᠤᠲᠤᠨ ᠤ ᠨᠠᠪᠴᠢᠨ ᠤ ᠨᠤᠭᠤᠭᠠᠨ ᠡᠳ᠋ ᠨᠢ ᠵᠠᠲᠠᠷᠠᠨ᠂ ᠴᠡᠴᠡᠭ ᠤᠨ ᠪᠤᠲᠤᠭ ᠡᠭᠦᠰᠭᠡᠭ᠍ᠴᠢ ᠶᠢᠨ ᠦᠢᠯᠡᠳᠦᠯ ᠡᠴᠨ ᠦᠩᠬᠡ ᠨᠢ ᠤᠯᠠᠶᠢᠵᠤ ᠠᠭᠠᠷ ᠤᠨ ᠲᠤᠯᠠᠭᠠᠨ ᠤ ᠵᠦᠷᠢᠶ᠎ᠠ ᠶᠡᠬᠡᠰᠬᠦ ᠲᠤᠰᠤᠮ ᠪᠠᠲᠤᠴᠠᠭᠠᠨ ᠮᠤᠲᠤᠨ ᠤ ᠨᠠᠪᠴᠢ ᠤᠯᠠᠮ ᠤᠯᠠᠭᠠᠨ ᠪᠤᠯᠲᠠᠭ᠃

    ᠤᠯᠤᠰ ᠤᠨ ᠪᠠᠶᠠᠷ ᠤᠨ ᠠᠮᠠᠷᠠᠯᠲᠠ ᠪᠡᠷ ᠤᠲᠠᠨᠲᠠᠯ᠎ᠠ ᠤᠢ ᠰᠢᠭᠤᠢ ᠶᠢᠨ ᠲᠠᠯᠠᠪᠠᠢ ᠳ᠋ᠤ ᠪᠠᠲᠤᠴᠠᠭᠠᠨ ᠮᠤᠲᠤ ᠶᠢ ᠰᠤᠨᠢᠷᠬᠠᠨ᠂ ᠰᠠᠯᠬᠢᠨ ᠳ᠋ᠤ ᠭᠠᠷᠴᠤ ᠠᠮᠠᠷᠠᠯᠲᠠ ᠶᠢᠨ ᠡᠲᠦᠷ ᠤᠳ ᠶᠢᠡᠨ ᠤᠳᠬ᠎ᠠ ᠲᠡᠬᠦᠯᠲᠡᠷ ᠦᠩᠭᠡᠷᠡᠬᠦᠯᠬᠦ ᠪᠡᠷ ᠬᠠᠪᠢ ᠲᠦᠰᠦᠷ ᠤᠨ ᠬᠤᠰᠢᠭᠤ ᠪᠣᠯᠤᠨ ᠯᠢᠶᠤᠤᠨᠢᠩ᠂ ᠭᠢᠷᠢᠨ᠂ ᠪᠡᠭᠡᠵᠢᠩ᠂ ᠡᠾᠧᠪᠸᠢ ᠵᠡᠷᠭᠡ ᠮᠤᠵᠢ ᠬᠤᠲᠠ ᠡᠴᠡ ᠠᠶᠠᠯᠠᠨ ᠵᠢᠭᠤᠯᠴᠢᠯᠠᠭᠰᠠᠳ ᠢᠷᠡᠨ᠎ᠡ᠃

    ᠤᠯᠠᠭᠠᠨ᠂ ᠰᠢᠷ᠎ᠠ᠂ ᠨᠤᠭᠤᠭᠠᠨ ᠦᠩᠭᠡ ᠶᠢᠨ ᠪᠠᠲᠤᠴᠠᠭᠠᠨ ᠮᠤᠲᠤ ᠨᠢ ᠰᠠᠷᠠᠭᠤᠯ ᠰᠠᠢᠢᠬᠠᠨ ᠢᠷᠡᠭᠡᠲᠦᠢ ᠶᠢ ᠵᠢᠷᠤᠭᠯᠠᠭ᠎ᠠ ᠴᠤ ᠶᠤᠮ ᠰᠢᠭ᠂ ᠰᠢᠩᠭᠡᠬᠦ ᠨᠠᠷᠠᠨ ᠤ ᠤᠯᠠᠪᠢᠷ ᠲᠤᠶᠠᠭ᠎ᠠ ᠬᠡᠵᠤ ᠴᠤ ᠡᠨᠳᠡᠭᠦᠷᠡᠮᠡᠷ ᠬᠦᠮᠦᠰ ᠲᠤ ᠡᠯᠲᠡᠪ ᠤᠨ ᠰᠣᠨᠢᠬᠠᠨ ᠪᠤᠳᠤᠯ ᠬᠦᠪᠦᠷᠡᠭᠦᠯᠦᠨ᠎ᠠ᠃

    ᠰᠢᠨᠬᠤᠸᠠ ᠮᠤᠩᠭᠤᠯ ᠨᠧᠲ ᠲᠤ ᠠᠩᠬᠠᠷᠤᠯ ᠬᠠᠨᠲᠤᠭᠤᠯᠵᠤ ᠪᠦᠬᠦᠢ ᠲᠠ ᠪᠦᠬᠦᠨ ᠳ᠋ᠡᠬᠡᠨ ᠤᠲᠠᠨᠲᠠᠯ᠎ᠠ ᠤᠢ ᠰᠢᠭᠤᠢ ᠶᠢᠨ ᠲᠠᠯᠠᠪᠠᠢ ᠶᠢᠨ ᠪᠠᠲᠤᠴᠠᠭᠠᠨ ᠮᠤᠲᠤᠨ ᠤ ᠰᠠᠢᠢᠬᠠᠨ ᠦᠵᠡᠮᠵᠢ  ᠶᠢ ᠬᠦᠷᠭᠡᠵᠦ ᠨᠢᠭᠡ ᠮᠦᠴᠡ  ᠶᠢᠨ ᠵᠤᠭ᠎ᠠ ᠴᠡᠩᠭᠡᠯ ᠪᠤᠯᠭᠠᠶ᠎ᠠ!ᠠᠮᠠᠷᠠᠯᠲᠠ ᠶᠢᠨ ᠡᠲᠦᠷ ᠶᠢᠡᠨ ᠰᠠᠢᠢᠬᠠᠨ ᠦᠩᠭᠡᠷᠡᠬᠦᠯᠦᠭᠡᠷᠡᠢ!

( ᠵᠢᠷᠤᠭ ᠢ ᠸᠠᠩ ᠼᠦᠨ ᠶᠠᠨ᠂ ᠵᠠᠩ ᠯᠢ ᠵᠢᠶᠦ᠋ᠨ᠂ ᠪᠠᠢ ᠬᠠᠰ᠂ ᠰᠢᠩ ᠽᠦᠩ ᠿᠧᠨ ᠵᠢᠷᠤᠭᠯᠠᠪᠠ)

ᠢᠷᠡᠯᠳᠡ᠄ ᠰᠢᠨᠬᠤᠸᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119666213