微信打开
蒙古文网站Logo
ᠰᠢᠨᠬᠤᠸᠠ ᠮᠤᠩᠭ᠋ᠤᠯ ᠨᠧᠲ

ᠲᠦᠷᠪᠡᠳ ᠨᠤᠳᠤᠭ ᠤᠨ《ᠲᠦᠷᠪᠡᠨ ᠤᠳᠠᠰᠤᠳᠤ ᠬᠤᠭᠤᠷ ᠤᠨ ᠬᠦᠭ᠍ᠵᠢᠮ》 ᠤᠨ ᠲᠦᠯᠦᠭᠡᠯᠡᠬᠦ ᠴᠢᠨᠠᠷᠲᠠᠢ ᠦᠪᠯᠡᠭᠴᠢ -- ᠪᠤᠤ ᠵᠢᠶᠧ

2016-10-09 09:00

ᠪᠤᠤ ᠵᠢᠶᠧ ᠶᠢᠨ ᠬᠦᠭᠵᠢᠮᠲᠡᠨ ᠲᠠᠭᠤᠯᠠᠭᠰᠠᠨ ᠲᠦᠷᠪᠡᠨ ᠤᠳᠠᠰᠤᠳᠤ ᠬᠤᠭᠤᠷ ᠤᠨ ᠠᠶ᠎ᠠ ᠲᠠᠭᠤᠤ《ᠲᠠᠨᠠᠪᠠᠯ》᠂《ᠰᠢᠶᠤᠤ ᠯᠦᠩ ᠬᠡ ᠬᠡ》᠂《 ᠸᠠᠨ ᠯᠢ》 ᠡᠴᠡ ᠲᠠ ᠪᠦᠬᠦᠨ ᠳᠤ ᠠᠦ᠋ᠳᠢᠣ᠋ ᠶᠢᠨ ᠬᠡᠯᠪᠡᠷᠢ ᠪᠡᠷ ᠬᠦᠷᠬᠡᠯ᠎ᠡ᠂ ᠲᠠᠭᠠᠯᠠᠨ ᠰᠤᠨᠤᠰᠤᠭᠠᠷᠠᠢ!

    ᠰᠢᠨᠬᠤᠧᠠ ᠮᠤᠩᠭᠤᠯ ᠨᠧᠲ ᠬᠦᠬᠡᠬᠤᠳᠠ ᠶᠢᠨ 10 ᠰᠠᠷ᠎ᠠ ᠶᠢᠨ 8 ᠤ ᠡᠳᠦᠷ ᠤᠨ ᠴᠠᠬᠢᠯᠭᠠᠨ ᠮᠡᠳᠡᠬᠡ (ᠪᠠᠢ ᠯᠢᠩ ᠳ᠋ᠢ) ᠬᠠᠷᠠᠮᠦ᠋ᠷᠡᠨ ᠮᠤᠵᠢ ᠶᠢᠨ ᠪᠠᠷᠠᠭᠤᠨ ᠬᠡᠰᠡᠭ᠂ ᠨᠤᠨ ᠮᠦᠷᠡᠨ ᠤ ᠵᠡᠬᠦᠨ ᠡᠷᠬᠢ ᠳᠤ ᠨᠢᠬᠡᠨ ᠦᠨᠢ ᠡᠷᠳᠡᠨ ᠤ ᠳᠡᠤᠬᠡ ᠲᠠᠢ ᠭᠠᠶᠢᠬᠠᠮᠰᠢᠭᠳᠤ ᠳᠠᠯ᠎ᠠ ᠨᠤᠳᠤᠭ ᠪᠠᠶᠢᠳᠠᠭ᠂ ᠳᠡᠬᠦᠨ ᠢ ᠳᠦᠷᠪᠡᠳ ᠤᠨ ᠳᠠᠯ᠎ᠠ ᠬᠡᠳᠡᠭ ᠪᠢᠯᠡ᠃ ᠨᠤᠨ ᠮᠦᠷᠡᠨ ᠤ ᠲᠠᠯ᠎ᠠ ᠨᠤᠳᠤᠭ ᠤᠨ ᠰᠤᠶᠤᠯ ᠶᠠᠭ ᠡᠨᠳᠡ ᠡᠬᠦᠰᠴᠤ ᠬᠦᠭ᠍ᠵᠢᠨ ᠪᠠᠳᠠᠷᠠᠵᠠᠢ᠃ ᠵᠠᠭᠤᠨ ᠵᠠᠭᠤᠨ ᠤ ᠲᠤᠷᠰᠢ ᠲᠦᠷᠪᠡᠳᠴᠤᠳ ᠤᠶᠤᠨ ᠤᠬᠠᠭᠠᠨ ᠪᠤᠯᠤᠨ ᠬᠦᠴᠦ ᠬᠦᠯᠦᠰᠦ ᠪᠡᠷ ᠢᠶᠡᠨ ᠡᠨᠡᠬᠦ ᠲᠠᠯ᠎ᠠ ᠨᠤᠳᠤᠭ ᠤᠨ ᠰᠤᠶᠤᠯ ᠢ ᠤᠯᠠᠮᠵᠢᠯᠠᠭᠰᠠᠭᠠᠷ ᠢᠷᠡᠪᠡ᠃

    ᠬᠠᠷᠠᠮᠦ᠋ᠷᠡᠡ ᠮᠤᠵᠢ ᠶᠢᠨ ᠲᠦᠷᠪᠡᠳ ᠮᠤᠩᠭᠤᠯ ᠦᠨᠳᠦᠰᠦᠲᠡᠨ ᠤ ᠦᠪᠡᠷᠳᠡᠬᠡᠨ ᠵᠠᠰᠠᠬᠤ ᠰᠢᠶᠠᠨ ᠤ《ᠲᠦᠷᠪᠡᠨ ᠤᠳᠠᠰᠤᠳᠤ ᠬᠤᠭᠤᠷ ᠤᠨ ᠬᠦᠭ᠍ᠵᠢᠮ》 ᠨᠢ 2008 ᠤᠨ ᠳᠤ ᠬᠤᠶᠠᠳᠤᠭᠠᠷ ᠪᠦᠯᠦᠭ ᠤᠯᠤᠰ ᠤᠨ ᠵᠡᠷᠭᠡᠯᠡᠯ ᠤᠨ ᠪᠡᠶᠡᠳᠤ ᠪᠤᠰᠤ ᠰᠤᠶᠤᠯ ᠤᠨ ᠦᠪ ᠤᠨ ᠨᠡᠷᠡᠰ ᠲᠤ ᠪᠦᠷᠢᠳᠭᠡᠭᠦᠯᠦᠭ᠍ᠰᠡᠨ ᠶᠤᠮ᠃ ᠳᠡᠬᠦᠨ ᠡᠴᠡ ᠬᠤᠶᠢᠰᠢ ᠳᠦᠷᠪᠡᠳ ᠰᠢᠶᠠᠨ ᠨᠢ 1 ᠮᠤᠵᠢ ᠶᠢᠨ ᠵᠡᠷᠬᠡᠯᠡᠯ ᠤᠨ ᠪᠤᠯᠤᠨ 4 ᠰᠢᠶᠠᠨ ᠤ ᠵᠡᠷᠬᠡᠯᠡᠯ ᠤᠨ ᠳᠦᠷᠪᠡᠨ ᠤᠳᠠᠰᠤᠳᠤ ᠬᠤᠭᠤᠷ ᠤᠨ ᠬᠦᠭ᠍ᠵᠢᠮ ᠢ ᠤᠯᠠᠮᠵᠢᠯᠠᠬᠤ ᠰᠠᠭᠤᠷᠢᠨ ᠪᠠᠶᠢᠭᠤᠯᠵᠤ᠂ ᠤᠳᠤ ᠪᠡᠷ ᠨᠡᠶᠢᠲᠡ ᠦᠪᠯᠡᠭᠴᠢ ᠪᠠᠨ ᠪᠠᠭᠳᠠᠭᠠᠭᠠᠳ 200 ᠭᠠᠷᠤᠢ ᠰᠤᠷᠤᠯᠴᠠᠭᠴᠢ ᠲᠠᠢ ᠪᠤᠯᠵᠠᠢ᠃ ᠲᠡᠳᠡᠬᠡᠷ ᠤᠨ ᠲᠤᠳᠤᠷ ᠠ ᠬᠠᠮᠤᠭ ᠡᠴᠡ ᠰᠢᠯᠢᠳᠡᠭ᠂ ᠬᠠᠮᠤᠭ ᠤᠨ ᠠᠯᠳᠠᠷ ᠴᠤᠤ ᠲᠠᠢ ᠨᠢᠬᠡ ᠨᠢ ᠪᠤᠤ ᠵᠢᠶᠧ ᠪᠤᠯᠤᠨ᠎ᠠ᠃ 2008 ᠤᠨ ᠳᠤ ᠬᠠᠷᠠᠮᠦ᠋ᠷᠡᠨ ᠮᠤᠵᠢ ᠶᠢᠨ ᠰᠤᠶᠤᠯ ᠤᠨ ᠲᠢᠩᠬᠢᠮ ᠡᠴᠡ ᠪᠤᠤ ᠵᠢᠶᠧ ᠶᠢ ᠪᠡᠶᠡᠳᠤ ᠪᠤᠰᠤ ᠰᠤᠶᠤᠯ ᠤᠨ ᠦᠪ《ᠲᠦᠷᠪᠡᠨ ᠤᠳᠠᠰᠤᠳᠤ ᠬᠤᠭᠤᠷ ᠤᠨ ᠬᠦᠭ᠍ᠵᠢᠮ》 ᠤᠨ ᠮᠤᠵᠢ ᠶᠢᠨ ᠵᠡᠷᠬᠡᠯᠡᠯ ᠤᠨ ᠲᠦᠯᠦᠭᠡᠯᠡᠬᠦ ᠴᠢᠨᠠᠷᠲᠠᠢ ᠦᠪᠯᠡᠭᠴᠢ ᠪᠡᠷ ᠰᠢᠯᠢᠵᠤ᠂ 2010 ᠤᠨ ᠳᠤ ᠲᠡᠬᠦᠨ ᠤ ᠳᠦᠷᠦᠵᠤ ᠦᠰᠦᠭᠰᠡᠨ ᠨᠤᠳᠤᠭ ᠵᠢᠶᠠᠩ ᠸᠠᠨ ᠰᠢᠶᠠᠩ ᠨᠢ ᠮᠤᠵᠢ ᠶᠢᠨ ᠵᠡᠷᠬᠡᠯᠡᠯ ᠤᠨ ᠤᠯᠠᠮᠵᠢᠯᠠᠬᠤ ᠰᠠᠭᠤᠷᠢᠨ ᠢᠶᠡᠷ ᠰᠤᠩᠭᠤᠭᠳᠠᠭᠰᠠᠨ ᠪᠠᠶᠢᠨ᠎ᠠ᠃

    ᠬᠢᠵᠢᠶᠠᠯ ᠨᠠᠰᠤᠨ ᠳ᠋ᠤ ᠪᠡᠨ ᠬᠢᠯᠠᠷᠠᠭᠤᠯᠵᠤ ᠶᠠᠪᠤᠭ᠎ᠠ ᠪᠤᠤ ᠵᠢᠶᠧ ᠲᠦᠷᠪᠡᠳ ᠮᠤᠩᠭᠤᠯ ᠦᠨᠳᠦᠰᠦᠲᠡᠨ ᠤ ᠦᠪᠡᠷᠳᠡᠬᠡᠨ ᠵᠠᠰᠠᠬᠤ ᠰᠢᠶᠠᠨ ᠤ ᠵᠢᠶᠠᠩ ᠸᠠᠨ ᠰᠢᠶᠠᠩ  ᠢᠢᠡᠷ ᠨᠤᠳᠤᠬ ᠲᠠᠢ᠃ ᠪᠤᠣ ᠵᠢᠶᠧ ᠶᠢᠨ ᠡᠪᠤᠬᠡ᠂ ᠠᠪᠤ ᠨᠢ ᠪᠦᠷ ᠲᠤᠬᠠᠢ ᠶᠢᠨ ᠦᠶ᠎ᠡ ᠳᠤ ᠪᠠᠨ ᠠᠯᠳᠠᠷ ᠴᠤᠤ ᠲᠠᠢ ᠠᠷᠠᠳ ᠤᠨ ᠤᠷᠠᠯᠢᠭᠴᠢᠨ ᠪᠠᠶᠢᠵᠠᠢ᠃ ᠪᠤᠤ ᠵᠢᠶᠧ ᠤᠨᠠᠭᠠᠨ ᠪᠠᠭ᠎ᠠ ᠡᠴᠡ ᠪᠠᠨ ᠬᠡᠷ ᠪᠦᠯᠢ ᠶᠢᠨ ᠢᠶᠡᠨ ᠨᠦᠯᠦᠬᠡ ᠶᠢ ᠬᠦᠷᠳᠡᠭ᠍ᠰᠡᠨ ᠤ ᠳᠡᠬᠡᠷ᠎ᠡ ᠲᠦᠢᠷᠦᠯᠬᠢ ᠠᠪᠢᠶᠠᠰ ᠲᠠᠢ ᠪᠤᠯᠬᠤᠷ ᠦᠨᠳᠦᠰᠦᠲᠡᠨ ᠤ ᠬᠦᠭ᠍ᠵᠢᠮ ᠬᠦᠭ᠍ᠵᠢᠮᠳᠡᠬᠦᠷ ᠲᠤ ᠤᠨᠴᠠ ᠶᠢᠨ ᠮᠡᠳᠡᠷᠡᠮᠵᠢ ᠲᠠᠢ᠃ ᠲᠡᠭᠡᠭᠡᠳ ᠠᠪᠤ ᠶᠢᠨ ᠢᠶᠡᠨ ᠰᠤᠷᠭᠠᠯᠳᠠ ᠪᠡᠷ ᠲᠦᠷᠪᠡᠨ ᠤᠳᠠᠰᠤᠳᠤ ᠬᠤᠭᠤᠷ ᠤᠨ ᠦᠨᠳᠦᠰᠦᠨ ᠬᠦᠭ᠍ᠵᠢᠮᠳᠡᠬᠦ ᠤᠷ᠎ᠠ ᠮᠡᠷᠬᠡᠰᠢᠯ ᠢ ᠡᠵᠡᠮᠰᠢᠵᠤ᠂ 15 ᠨᠠᠰᠤᠨ ᠳᠤ ᠪᠠᠨ ᠲᠤᠭᠯᠠᠯᠳᠠ ᠶᠢᠨ ᠲᠠᠶᠢᠰᠠᠨ ᠳᠤ ᠭᠠᠷᠬᠤ ᠪᠤᠯᠤᠭᠰᠠᠨ ᠪᠠᠶᠢᠨ᠎ᠠ᠃ ᠭᠤᠴᠢᠭᠠᠳ ᠵᠢᠯ ᠤᠨ ᠲᠤᠷᠰᠢ ᠪᠤᠤ ᠵᠢᠶᠧ ᠲᠡᠰᠪᠦᠷᠢᠲᠡᠢ ᠰᠢᠷᠭᠠᠭᠤ ᠴᠢᠷᠮᠠᠶᠢᠯᠭ᠎ᠠ ᠪᠡᠷ ᠢᠶᠡᠨ ᠲᠤᠬᠠᠢ ᠶᠢᠨ ᠭᠠᠵᠠᠷ ᠲᠤ ᠪᠠᠨ ᠨᠡᠷ᠎ᠡ ᠬᠦᠨᠳᠤ ᠲᠠᠢ ᠠᠷᠠᠳ ᠤᠨ ᠤᠷᠠᠯᠢᠭᠴᠢᠨ ᠪᠤᠯᠵᠠᠢ᠃ ᠲᠡᠷᠡᠪᠡᠷ ᠤᠯᠤᠰ᠂ ᠮᠤᠵᠢ᠂ ᠬᠤᠳᠠ᠂ ᠰᠢᠶᠠᠨ ᠵᠡᠷᠬᠡ ᠱᠠᠳᠤᠨ ᠤ ᠡᠯ᠎ᠡ ᠳᠦᠷᠦᠯ ᠤᠨ ᠦᠨᠳᠦᠰᠦᠲᠡᠨ ᠤ ᠤᠷᠠᠯᠢᠬ ᠤᠨ ᠲᠤᠭᠯᠠᠯᠳᠠ ᠳᠤ ᠤᠷᠤᠯᠴᠠᠬᠤ ᠶᠢᠨ ᠲᠠᠭᠠᠤ ᠮᠠᠰᠢ ᠤᠯᠠᠨ ᠰᠢᠯᠢᠳᠡᠭ ᠠᠷᠠᠳ ᠤᠨ ᠤᠷᠠᠯᠢᠭᠴᠢᠨ ᠢ ᠬᠦᠮᠦᠵᠢᠬᠦᠯᠦᠭᠰᠡᠨ ᠪᠠᠶᠢᠨ᠎ᠠ᠃

    ᠪᠤᠤ ᠵᠢᠶᠧ ᠦᠨᠳᠦᠰᠦᠲᠡᠨ ᠤ ᠰᠤᠶᠤᠯ ᠢᠶᠡᠨ ᠨᠡᠩ ᠰᠠᠶᠢᠨ ᠤᠯᠠᠮᠵᠢᠯᠠᠨ ᠬᠦᠭ᠍ᠵᠢᠭᠦᠯᠬᠦ ᠶᠢᠨ ᠲᠤᠰᠠᠳᠠ ᠨᠤᠳᠤᠭ ᠤᠨ ᠠᠷᠠᠳ ᠢᠶᠡᠨ ᠵᠤᠬᠢᠶᠠᠨ ᠪᠠᠶᠢᠭᠤᠯᠵᠤ᠂ ᠪᠠᠶᠢᠩᠭᠤ ᠲᠤᠭᠯᠠᠯᠳᠠ ᠭᠠᠷᠭᠠᠳᠠᠭ᠃ 2007 ᠤᠨ ᠳᠤ ᠪᠤᠤ ᠵᠢᠶᠧ ᠨᠤᠳᠤᠭ ᠲᠠᠭᠠᠨ ᠰᠤᠶᠤᠯ ᠤᠷᠠᠯᠢᠭ ᠤᠨ ᠬᠦᠷᠢᠶᠡᠯᠡᠩ ᠪᠠᠶᠢᠭᠤᠯᠵᠤ᠂ ᠦᠪᠡᠷ ᠢᠢᠡᠨ ᠮᠦᠩᠬᠦ ᠭᠠᠷᠭᠠᠵᠤ ᠪᠦᠬᠦ ᠵᠦᠢᠯ ᠢ ᠪᠡᠯᠡᠳᠬᠡᠪᠡ᠃ ᠡᠳᠤᠷ ᠪᠦᠷᠢ ᠤᠷᠤᠢ ᠶᠢᠨ ᠬᠤᠭᠤᠯᠠᠨ ᠤ ᠲᠠᠷᠠᠭ᠎ᠠ᠂ ᠲᠠᠷᠢᠶᠠᠨ ᠠᠵᠢᠯ ᠳᠤ ᠪᠠᠨ ᠶᠠᠳᠠᠷᠠᠯ ᠲᠠᠢ ᠶᠠᠭᠠᠷᠠᠭᠰᠠᠨ ᠨᠤᠳᠤᠭ ᠤᠰᠤᠨ ᠤ ᠬᠢᠨ ᠠᠯᠵᠢᠶᠠᠯ ᠵᠦᠳᠡᠷᠡᠯ ᠢᠶᠡᠨ ᠤᠮᠠᠷᠳᠠᠨ ᠪᠤᠤ ᠵᠢᠶᠧ ᠶᠢᠨ ᠬᠢᠨ ᠳᠤ ᠢᠷᠡᠵᠤ᠂ ᠠᠷᠠᠳ ᠤᠨ ᠤᠷᠠᠨ ᠰᠠᠶᠢᠬᠠᠨ ᠤ ᠲᠤᠭᠯᠠᠯᠳᠠ᠂ ᠲᠦᠷᠪᠡᠨ ᠤᠳᠠᠰᠤᠳᠤ ᠬᠤᠭᠤᠷ ᠤᠨ ᠠᠶ᠎ᠠ ᠲᠠᠭᠤᠤ᠂ ᠬᠤᠯᠪᠤᠭ᠎ᠠ ᠵᠡᠷᠬᠡ ᠶᠢ ᠰᠤᠨᠢᠷᠬᠠᠳᠠᠬ᠃ ᠢᠡᠭ᠍ᠭᠢᠭᠡᠳ ᠲᠤᠰ ᠨᠤᠳᠤᠬ ᠲᠦ ᠬᠦᠮᠦᠰ ᠰᠡᠯᠡᠬᠦᠦ ᠴᠠᠭ  ᠢᠢᠡᠨ ᠠᠷᠢᠬᠢ ᠤᠤᠭᠤᠨ ᠮᠠᠵᠢᠶᠠᠩ ᠨᠠᠭᠠᠳᠴᠤ ᠦᠩᠬᠡᠷᠡᠬᠦᠯᠳᠡᠭ ᠦᠵᠡᠭᠳᠡᠯ ᠳᠠᠰᠤ ᠠᠷᠢᠯᠵᠤ᠂ ᠬᠦᠷᠰᠢ ᠵᠡᠷᠭᠡᠯᠡᠳᠡᠬᠡ ᠬᠤᠭᠤᠷᠤᠨᠳᠤ ᠪᠠᠨ ᠨᠡᠩ ᠡᠶ᠎ᠡ ᠨᠠᠶᠢᠷ ᠲᠠᠢ ᠪᠤᠯᠵᠤ᠂ ᠰᠤᠶᠤᠯ ᠤᠨ ᠠᠮᠢᠳᠤᠷᠠᠯ ᠨᠢ ᠪᠠᠶᠠᠯᠢᠭᠵᠢᠨ ᠪᠤᠤ ᠵᠢᠶᠧ ᠴᠤ ᠤᠯᠠᠨ ᠲᠦᠮᠡᠨ ᠤ ᠪᠡᠨ ᠲᠤᠮᠳᠠ ᠤᠳᠤᠨ ᠰᠤᠳᠤᠨ ᠪᠤᠯᠵᠤ᠂ ᠰᠢᠨ᠎ᠡ ᠬᠦᠳᠡᠬᠡ ᠲᠤᠰᠬᠤᠨ ᠤ ᠪᠦᠲᠦᠬᠡᠨ ᠪᠠᠶᠢᠭᠤᠯᠤᠯᠳᠠ ᠶᠢᠨ ᠠᠷᠠᠳ ᠤᠨ ᠤᠷᠠᠯᠢᠭ ᠤᠨ ᠲᠠᠭᠠᠭᠤᠯᠤᠭᠴᠢ ᠪᠤᠯᠤᠭᠰᠠᠨ ᠪᠠᠶᠢᠨ᠎ᠠ᠃ ᠬᠤᠵᠢᠮ ᠨᠢ ᠪᠤᠤ ᠵᠢᠶᠧ ᠶᠢᠨ ᠪᠠᠶᠢᠭᠤᠯᠤᠭᠰᠠᠨ ᠰᠤᠶᠤᠯ ᠤᠷᠠᠯᠢᠭ ᠤᠨ ᠬᠦᠷᠢᠶᠡᠯᠡᠩ ᠳ᠋ᠦ ᠳ᠋ᠠᠴᠢᠩ ᠬᠤᠳᠠ ᠶᠢᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ᠂ ᠳ᠋ᠠᠴᠢᠩ ᠬᠤᠳᠠ ᠶᠢᠨ ᠰᠤᠶᠤᠯ ᠤᠨ ᠲᠤᠪᠴᠢᠶ᠎ᠠ ᠡᠴᠡ《ᠳ᠋ᠠᠴᠢᠩ ᠬᠤᠳᠠ ᠶᠢᠨ ᠰᠢᠨ᠎ᠡ ᠬᠦᠳᠡᠬᠡ ᠲᠤᠰᠬᠤᠨ ᠤ ᠪᠠᠶᠢᠭᠤᠯᠤᠯᠳᠠ ᠶᠢᠨ ᠠᠷᠪᠠᠨ ᠰᠢᠯᠢᠳᠡᠭ ᠰᠤᠶᠤᠯ ᠤᠨ ᠬᠦᠷᠢᠶᠡᠯᠡᠩ》 ᠤᠨ ᠴᠤᠯᠠ  ᠬᠦᠷᠳᠡᠭᠡᠭ᠍ᠰᠡᠨ ᠪᠠᠶᠢᠨ᠎ᠠ᠃ ᠪᠤᠤ ᠵᠢᠶᠧ ᠶᠢᠨ ᠬᠦᠷᠳᠡᠭᠰᠡᠨ ᠢᠷᠠᠭᠤ ᠠᠯᠳᠠᠷ ᠡᠬᠦᠪᠡᠷ ᠯᠡ ᠵᠤᠭᠰᠤᠬᠤ ᠪᠢᠰᠢ᠃ 2004 ᠤᠨ ᠳᠤ ᠲᠦᠷᠪᠡᠳ ᠮᠤᠩᠭᠤᠯ ᠦᠨᠳᠦᠰᠦᠲᠡᠨ ᠤ ᠦᠪᠡᠷᠳᠡᠬᠡᠨ ᠵᠠᠰᠠᠬᠤ ᠰᠢᠶᠠᠨ ᠤ ᠲᠦᠷᠪᠡᠳᠤᠭᠡᠷ ᠡᠬᠡᠯᠵᠢ ᠶᠢᠨ ᠰᠤᠶᠤᠯ ᠤᠷᠠᠯᠢᠭ ᠤᠨ ᠪᠠᠶᠠᠷ ᠤᠨ ᠠᠷᠠᠳ ᠤᠨ ᠤᠷᠠᠯᠢᠭᠴᠢᠨ ᠤ ᠲᠤᠭᠯᠠᠯᠳᠠ ᠶᠢᠨ ᠬᠤᠶᠠᠳᠤᠭᠠᠷ ᠲᠡᠰ ᠤᠨ ᠱᠠᠩᠨᠠᠯ᠂ 2008 ᠤᠨ ᠳᠤ ᠨᠠᠶ᠋ᠮᠠᠨ ᠮᠤᠵᠢ ᠤᠷᠤᠨ ᠤ ᠠᠩᠬᠠᠳᠤᠭᠠᠷ ᠡᠬᠡᠯᠵᠢ ᠶᠢᠨ ᠤᠤᠭᠠᠯ ᠠᠷᠠᠳ ᠤᠨ ᠲᠠᠭᠤᠤ ᠶᠢᠨ ᠤᠷᠤᠯᠳᠤᠭᠠᠨ ᠤ ᠰᠢᠯᠢᠳᠡᠭ ᠱᠠᠩᠨᠠᠯ᠂ 2013 ᠤᠨ ᠳᠤ ᠲᠦᠪ ᠤᠨ ᠷᠠᠳᠢᠣ᠋ ᠲᠧᠯᠧᠶ᠋ᠰ ᠬᠤᠷᠢᠶᠠᠨ ᠤ《ᠲᠠᠪᠤᠨ ᠰᠠᠷ᠎ᠠ ᠶᠢᠨ ᠨᠢᠬᠡᠨ ᠤ ᠪᠠᠶᠠᠷ》 ᠤᠨ ᠠᠵᠢᠯᠯᠠᠭ᠎ᠠ ᠳᠤ ᠮᠤᠩᠭᠤᠯ ᠦᠨᠳᠦᠰᠦᠲᠡᠨ ᠤ ᠲᠦᠷᠪᠡᠨ ᠤᠳᠠᠰᠤᠳᠤ ᠬᠤᠭᠤᠷ ᠤᠨ ᠲᠤᠭᠯᠠᠯᠳᠠ ᠪᠡᠷ ᠢᠶᠡᠨ ᠬᠢᠨᠠᠭᠴᠢ ᠦᠵᠡᠭᠴᠢᠳ ᠤᠨ ᠰᠠᠶᠢᠬᠠᠨ ᠦᠨᠡᠯᠡᠯᠳᠡ ᠶᠢ ᠤᠯᠤᠭᠰᠠᠨ ᠁

    ᠪᠤᠤ ᠵᠢᠶᠧ ᠠᠮᠵᠢᠯᠳᠠ ᠶᠢᠨ ᠦᠷ᠎ᠡ ᠪᠦᠲᠤᠮᠵᠢ ᠪᠡᠨ ᠬᠤᠪᠢᠶᠠᠯᠴᠠᠬᠤ ᠶᠢᠨ ᠲᠠᠭᠠᠤ ᠨᠡᠩ ᠢᠯᠡᠬᠦᠦ ᠬᠦᠴᠦ ᠬᠦᠯᠦᠰᠦ ᠭᠠᠷᠭᠠᠨ ᠦᠨᠳᠦᠰᠦᠲᠡᠨ ᠤ ᠰᠤᠶᠤᠯ ᠢᠶᠡᠨ ᠤᠯᠠᠮᠵᠢᠯᠠᠨ ᠬᠦᠭ᠍ᠵᠢᠬᠦᠯᠬᠦ ᠪᠡᠷ ᠴᠢᠷᠮᠠᠶᠢᠭᠰᠠᠭᠠᠷ᠃ ᠪᠤᠤ ᠵᠢᠶᠧ ᠲᠠᠷᠢᠶᠠᠨ ᠠᠵᠢᠯ ᠡᠴᠡ ᠪᠠᠨ ᠭᠠᠳᠠᠨ᠎ᠠ ᠦᠪᠡᠷ ᠤᠨ ᠪᠦᠬᠦᠶᠢᠯᠡ ᠬᠦᠴᠦ ᠪᠡᠨ ᠰᠤᠶᠤᠯ ᠤᠷᠠᠯᠢᠭ ᠤᠨ ᠦᠢᠯᠡᠰ ᠲᠤ ᠵᠠᠷᠤᠴᠠᠭᠤᠯᠵᠦ᠂ ᠵᠢᠶᠠᠩ ᠸᠠᠨ ᠰᠢᠶᠠᠩ ᠳᠤ ᠮᠤᠩᠭᠤᠯ ᠦᠨᠳᠦᠰᠦᠲᠡᠨ ᠤ ᠲᠦᠷᠪᠡᠨ ᠤᠳᠠᠰᠤᠳᠤ ᠬᠤᠭᠤᠷ ᠤᠨ ᠬᠦᠭ᠍ᠵᠢᠮ ᠤᠨ ᠠᠩᠬᠢ ᠡᠷᠬᠢᠯᠡᠵᠤ᠂ ᠰᠤᠷᠤᠭᠴᠢᠳ ᠲᠤ ᠤᠷ᠎ᠠ ᠮᠡᠷᠬᠡᠰᠢᠯ ᠢᠶᠡᠨ ᠬᠠᠷᠠᠮ ᠦᠭᠡᠢ ᠵᠢᠭᠠᠨ ᠰᠤᠷᠭᠠᠵᠤ᠂ ᠤᠳᠤ 40 ᠭᠠᠷᠤᠢ ᠭᠠᠷ ᠤᠨ ᠱᠠᠪᠢ ᠲᠠᠢ ᠪᠤᠯᠵᠠᠢ᠃ ᠲᠡᠬᠦᠨ ᠤ ᠲᠠᠭᠠᠭᠤᠯᠭ᠎ᠠ ᠲᠤᠤᠷ᠎ᠠ ᠤᠯᠠᠨ ᠠᠷᠠᠳ ᠤᠨ ᠤᠷᠠᠯᠢᠭᠴᠢᠨ ᠬᠦᠮᠦᠵᠢᠭᠳᠡᠨ ᠮᠤᠩᠭᠤᠯ ᠦᠨᠳᠦᠰᠦᠲᠡᠨ ᠤ ᠲᠦᠷᠪᠡᠨ ᠤᠳᠠᠰᠤᠳᠤ ᠬᠤᠭᠤᠷ ᠤᠨ ᠬᠦᠭ᠍ᠵᠢᠮ ᠢ ᠤᠯᠠᠮᠵᠢᠯᠠᠨ ᠬᠦᠭ᠍ᠵᠢᠬᠦᠯᠬᠦ ᠳᠤ ᠪᠠᠳᠤᠲᠠᠢ ᠰᠠᠭᠤᠷᠢ ᠪᠤᠯᠵᠠᠢ᠃

    《ᠨᠢᠬᠡᠨ ᠬᠠᠷᠠᠮᠰᠠᠯᠲᠠᠢ ᠵᠦᠢᠯ ᠪᠤᠯ ᠲᠦᠷᠪᠡᠨ ᠤᠳᠠᠰᠤᠳᠤ ᠬᠤᠭᠤᠷ ᠢ ᠲᠤᠰᠬᠠᠢ ᠮᠡᠷᠬᠡᠵᠢᠯ ᠤᠨ ᠪᠠᠭᠰᠢ ᠡᠴᠡ ᠰᠤᠷᠤᠭᠰᠠᠨ ᠦᠭᠡᠢ ᠪᠤᠯᠬᠤᠷ ᠮᠢᠨᠦ ᠬᠦᠭ᠍ᠵᠢᠮᠳᠡᠬᠦ ᠤᠷ᠎ᠠ ᠮᠡᠷᠬᠡᠰᠢᠯ ᠮᠡᠷᠬᠡᠵᠢᠯ ᠤᠨ ᠬᠦᠮᠦᠰ ᠲᠠᠢ ᠠᠳᠠᠯᠢᠳᠬᠠᠪᠠᠯ ᠵᠦᠷᠢᠶ᠎ᠡ ᠲᠠᠢ ᠪᠠᠶᠢᠨ᠎ᠠ᠃ ᠬᠡᠪᠡᠴᠤ ᠪᠢ ᠮᠦᠨ ᠲᠠᠰᠤᠷᠠᠯᠳᠠ ᠦᠭᠡᠢ ᠴᠢᠷᠮᠠᠶᠢᠵᠤ ᠬᠦᠭ᠍ᠵᠢᠮᠳᠡᠬᠦ ᠮᠡᠷᠬᠡᠵᠢᠯ ᠢᠶᠡᠨ ᠲᠡᠭᠡ᠍ᠭ᠍ᠰᠢᠯᠡᠬᠦᠯᠦᠨ᠎ᠠ᠃ ᠮᠢᠨᠦ ᠪᠤᠳᠤᠬᠤ ᠪᠡᠷ ᠲᠦᠷᠪᠡᠨ ᠤᠳᠠᠰᠤᠳᠤ ᠬᠤᠭᠤᠷ ᠢ ᠤᠯᠠᠮᠵᠢᠯᠠᠨ ᠬᠦᠭ᠍ᠵᠢᠬᠦᠯᠬᠦ ᠠᠵᠢᠯ ᠳᠤ ᠠᠷᠠᠳ ᠢ ᠲᠠᠶᠢᠴᠢᠯᠠᠨ ᠤᠯᠠᠨ ᠲᠤᠭᠯᠠᠯᠳᠠ ᠭᠠᠷᠭᠠᠵᠦ᠂ ᠠᠷᠠᠳ ᠢ ᠪᠡᠶᠡᠴᠢᠯᠡᠨ ᠤᠷᠤᠯᠴᠠᠭᠤᠯᠵᠤ᠂ ᠤᠷᠮ᠎ᠠ ᠪᠠᠬ᠎ᠠ ᠶᠢ ᠨᠢ ᠲᠠᠳᠠᠬᠤ ᠬᠡᠷᠡᠭᠲᠡᠢ》 ᠬᠡᠵᠤ ᠪᠤᠤ ᠵᠢᠶᠧ ᠰᠤᠷᠪᠤᠯᠵᠢᠯᠠᠭ᠎ᠠ ᠬᠦᠯᠢᠶᠡᠬᠦ ᠳ᠋ᠡᠬᠡᠨ ᠶᠠᠷᠢᠯ᠎᠎ᠠ᠃

    ᠳᠤᠬᠠᠢ ᠶᠢᠨ ᠤᠷᠤᠨ ᠤ ᠰᠢᠶᠠᠨ᠂ ᠰᠢᠶᠠᠩ ᠬᠤᠶᠠᠷ ᠱᠠᠳᠤᠨ ᠤ ᠵᠠᠰᠠᠭ ᠤᠨ ᠤᠷᠳᠤᠨ ᠡᠴᠡ ᠦᠨᠳᠦᠰᠦᠳᠡᠨ ᠤ ᠠᠷᠠᠳ ᠤ ᠰᠢᠯᠢᠳᠡᠭ ᠤᠷᠠᠯᠢᠭ ᠤᠨ ᠲᠠᠭᠠᠭᠤᠯᠤᠭᠴᠢ ᠶᠢ ᠵᠤᠷᠢᠭᠵᠢᠭᠤᠯᠬᠤ ᠶᠢᠨ ᠲᠦᠯᠦᠭᠡ 40 ᠵᠠᠬ᠎ᠠ ᠮᠤᠩᠭᠤᠯ ᠬᠤᠪᠴᠠᠰᠤ᠂ 60 ᠲᠦᠷᠪᠡᠨ ᠤᠳᠠᠰᠤᠳᠤ ᠬᠤᠭᠤᠷ᠂ 50 ᠰᠢᠷᠡᠬᠡ ᠰᠠᠨᠳᠠᠯᠢ ᠶᠢ ᠪᠤᠤ ᠵᠢᠶᠧ ᠶᠢᠨ ᠲᠦᠷᠪᠡᠨ ᠤᠳᠠᠰᠤᠳᠤ ᠬᠤᠭᠤᠷ ᠤᠨ ᠠᠩᠬᠢ ᠪᠤᠯᠤᠨ ᠰᠤᠶᠤᠯ ᠤᠷᠠᠯᠢᠭ ᠤᠨ ᠬᠦᠷᠢᠶᠡᠯᠡᠩ ᠳᠤ ᠨᠢ ᠰᠠᠭᠤᠷᠢ ᠲᠦᠬᠦᠬᠡᠷᠦᠮᠵᠢ ᠪᠤᠯᠭᠠᠨ ᠬᠠᠩᠭᠠᠵᠤ ᠤᠯᠠᠮᠵᠢᠯᠠᠨ ᠬᠦᠭ᠍ᠵᠢᠬᠦᠯᠬᠦ ᠠᠵᠢᠯ ᠳᠤ ᠨᠢ ᠳᠤᠰᠠ ᠲᠦᠬᠦᠮ ᠦᠵᠡᠬᠦᠯᠦᠭᠰᠡᠨ ᠪᠠᠶᠢᠨ᠎ᠠ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119677632