蒙古文网站Logo
ᠰᠢᠨᠬᠤᠸᠠ ᠮᠤᠩᠭ᠋ᠤᠯ ᠨᠧᠲ

ᠬᠦᠬᠡᠬᠤᠲᠠ ᠶᠢᠨ ᠴᠠᠭᠠᠨ ᠰᠤᠪᠤᠷᠭ᠎ᠠ ᠨᠢᠰᠬᠦ ᠤᠩᠭ᠋ᠤᠴᠠᠨ ᠤ ᠪᠠᠭᠤᠲᠠᠯ ᠦᠨᠡᠨ ᠨᠡᠷ᠎ᠡ ᠶᠢᠨ ᠦᠨᠡᠮᠯᠡᠬᠦ ᠪᠡᠷ ᠤᠷᠤᠵᠤ ᠭᠠᠷᠬᠤ ᠪᠤᠯᠪᠠ

2016-10-13 16:40

    ᠬᠦᠬᠡᠬᠤᠲᠠ ᠶᠢᠨ ᠴᠠᠭᠠᠨ ᠰᠤᠪᠤᠷᠭ᠎ᠠ ᠨᠢᠰᠬᠦ ᠤᠩᠭ᠋ᠤᠴᠠᠨ ᠤ ᠪᠠᠭᠤᠲᠠᠯ ᠠᠶᠤᠯᠬᠦᠢ ᠠᠮᠤᠷ ᠲᠦᠪᠰᠢᠨ ᠤ ᠠᠵᠢᠯ ᠢ ᠴᠢᠩᠭ᠋ᠠᠳᠬᠠᠬᠤ ᠪᠡᠷ᠂ 10 ᠰᠠᠷ᠎ᠠ ᠶᠢᠨ 11 ᠤ ᠡᠲᠦᠷ ᠡᠴᠡ ᠡᠬᠢᠯᠡᠨ ᠪᠠᠶ᠎ᠠ ᠶᠢᠨ ᠦᠨᠡᠮᠯᠡᠯ ᠤᠨ ᠲᠠᠨᠢᠨ ᠮᠡᠲᠡᠷᠡᠬᠦᠢ ᠰᠢᠰᠲ᠋ᠸᠮ ᠢ ᠡᠬᠢᠯᠡᠨ ᠠᠵᠢᠯᠯᠠᠭᠤᠯᠵᠤ᠂ ᠨᠢᠰᠬᠦ ᠤᠩᠭ᠋ᠤᠴᠠᠨ ᠤ ᠪᠠᠭᠤᠲᠠᠯ ᠳ᠋ᠤ ᠪᠠᠶ᠎᠎ᠠ ᠶᠢᠨ ᠦᠨᠡᠮᠯᠡᠯ ᠶᠢᠡᠷ ᠤᠷᠤᠵᠤ ᠭᠠᠷᠬᠤ ᠪᠤᠯᠪᠠ᠃ ᠤᠢᠢᠯᠠᠭᠠᠭᠰᠠᠨ ᠶᠢᠡᠷ᠂ ᠲᠤᠰ ᠪᠠᠭᠤᠲᠠᠯ᠋ ᠮᠠᠨ ᠤ ᠤᠯᠤᠰ ᠤᠨ ᠦᠨᠡᠨ ᠨᠠᠷ᠎ᠠ ᠪᠡᠷ ᠤᠷᠤᠵᠤ ᠭᠠᠷᠬᠤ ᠶᠢ ᠬᠡᠷᠡᠭᠵᠢᠬᠦᠯᠵᠦ ᠪᠦᠬᠦᠢ ᠠᠩᠬᠠᠨ ᠤ ᠨᠢᠰᠬᠦ ᠤᠩᠭ᠋ᠤᠴᠠᠨ ᠤ ᠪᠠᠭᠤᠲᠠᠯ ᠪᠤᠯᠤᠨ᠎ᠠ᠃

    ᠲᠠᠨᠢᠯᠴᠠᠭᠤᠯᠤᠭᠰᠠᠨ ᠶᠢᠡᠷ᠂ 4 ᠰᠠᠷ᠎ᠠ ᠶᠢᠨ 12 ᠤᠨ ᠡᠲᠦᠷ ᠡᠴᠡ ᠡᠬᠢᠯᠡᠨ ᠠᠶᠠᠨᠴᠢᠳ ᠵᠢᠴᠢ ᠦᠲᠡᠨ ᠮᠤᠷᠲᠠᠭᠤᠯᠤᠭᠴᠢᠳ ᠪᠠᠶ᠎ᠠ ᠶᠢᠨ ᠦᠨᠡᠮᠯᠡᠯ ᠶᠢᠡᠷ ᠶᠢᠡᠨ ᠨᠢᠭᠡᠲᠦᠭᠡᠷ ᠲᠠᠪᠬᠤᠷᠭ᠎᠎ᠠ ᠪᠤᠶᠤ ᠬᠤᠶᠠᠲᠤᠭᠠᠷ ᠲᠠᠪᠬᠤᠷᠭ᠎ᠠ ᠶᠢᠨ ᠠᠦ᠋ᠲ᠋ᠤ᠋ ᠡᠭᠦᠳᠡ ᠪᠡᠷ ᠤᠷᠤᠨ᠎ᠠ᠃ ᠪᠤᠰᠤᠳ ᠦᠨᠡᠮᠯᠡᠯ( ᠴᠡᠷᠢᠭ ᠤᠨ ᠦᠨᠡᠮᠯᠡᠯ᠂ ᠫᠠᠰᠫᠤᠷᠲ᠂ ᠰᠢᠶᠠᠩᠭ᠋ᠠᠩ ᠤᠤᠮᠸᠠ ᠳ᠌ᠤ ᠨᠡᠪᠲᠡᠷᠡᠬᠦ ᠦᠨᠡᠮᠯᠡᠯ᠂ ᠲᠠᠢᠢᠸᠠᠨ ᠳ᠋ᠤ ᠤᠷᠤᠬᠤ ᠦᠨᠡᠮᠯᠡᠯ᠂ ᠡᠷᠦᠬᠡ ᠠᠮᠠ ᠶᠢᠨ ᠲᠠᠩᠰᠠ᠂ ᠠᠵᠢᠯ ᠤᠨ ᠭᠡᠷᠡᠴᠢ ᠵᠡᠷᠭᠡ᠎) ᠶᠢᠡᠨ ᠴᠠᠭᠲᠠᠭ᠎ᠠ ᠳ᠋ᠤ ᠰᠢᠯᠭᠠᠭᠤᠯᠤᠨ ᠵᠦᠪᠰᠢᠶᠡᠷᠡᠭᠰᠡᠨ ᠪᠠᠢᠢᠲᠠᠯ ᠳ᠋ᠤ ᠲᠤᠰᠬᠠᠢ ᠡᠭᠦᠳᠡ ᠪᠡᠷ ᠤᠷᠤᠨ᠎ᠠ᠃ ᠬᠦᠴᠦᠨ ᠪᠦᠬᠦᠢ ᠦᠨᠡᠮᠯᠡᠯ ᠦᠭᠡᠢ ᠬᠦᠮᠦᠰ ᠴᠠᠭᠲᠠᠭᠠᠨ ᠤ ᠵᠦᠪᠰᠢᠶᠡᠷᠡᠯ ᠶᠢᠡᠷ ᠪᠠᠶ᠎ᠠ ᠶᠢᠨ ᠭᠠᠷᠤᠯ ᠤᠨ ᠰᠢᠯᠭᠠᠯᠲᠠ ᠶᠢᠨ ᠲᠠᠷᠠᠭ᠎᠎ᠠ ᠲᠤᠰᠬᠠᠢ ᠡᠬᠦᠳᠡ ᠪᠡᠷ ᠤᠷᠤᠨ᠎ᠠ᠃ ᠨᠢᠰᠬᠦ ᠤᠩᠭ᠋ᠤᠴᠠᠨ ᠤ ᠪᠠᠭᠤᠲᠠᠯ ᠤᠨ ᠨᠢᠭᠡᠲᠦᠭᠡᠷ ᠲᠠᠪᠬᠤᠷᠭ᠎ᠠ ᠳ᠋ᠤ ᠯᠡ ᠭᠠᠷᠴᠠ ᠲᠠᠢ᠃

ᠢᠷᠡᠯᠳᠡ᠄ ᠬᠦᠬᠡᠬᠤᠲᠠ ᠶᠢᠨ ᠤᠷᠤᠢ ᠶᠢᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119712145