蒙古文网站Logo
ᠰᠢᠨᠬᠤᠸᠠ ᠮᠤᠩᠭ᠋ᠤᠯ ᠨᠧᠲ

ᠨᠠᠶᠠᠨᠲᠠᠢ ᠲᠡᠭᠷᠢ ᠡᠯᠡᠰᠦᠨ ᠤ ᠦᠷᠢᠰᠦᠯᠲᠦᠭᠡᠨᠲᠦ ᠤᠷᠤᠯᠲᠤᠭᠠᠨ ᠳ᠋ᠤ ᠮᠠᠩᠯᠠᠢᠢᠯᠠᠪᠠ

2016-10-14 17:37

    2016 ᠠᠯᠠᠱᠠ ᠶᠢᠨ ᠬᠡᠬᠡᠷᠡᠯᠡᠨ ᠠᠶᠠᠯᠠᠬᠤeᠠᠩᠬᠢ ᠶᠢᠨ ᠪᠠᠭᠠᠳᠤᠳ ᠤᠨ ᠴᠤᠭᠯᠠᠭᠠᠨ ᠤ ᠲᠡᠭᠷᠢ ᠡᠯᠡᠰᠦᠨ ᠤ ᠦᠷᠢᠰᠦᠯᠳᠦᠭᠡᠨᠳᠤ ᠣᠷᠤᠯᠳᠤᠭᠠᠨ ᠳ᠋ᠦ ᠠᠯᠠᠱᠠ ᠨᠤᠳᠤᠭ ᠤᠨ ᠨᠠᠶᠠᠨᠲᠠᠢ 2 ᠴᠠᠭ 46 ᠮᠢᠨᠦ᠋ᠲ 14 ᠰᠸ᠋ᠺᠦ᠋ᠨ᠋ᠳ᠋  ᠤᠨ ᠰᠢᠯᠢᠳᠡᠭ ᠬᠢᠷᠢ ᠪᠦᠳᠦᠮᠵᠢ ᠪᠡᠷ ᠲᠡᠷᠢᠬᠦᠯᠡᠵᠦ᠂ 10 ᠲᠦᠮᠡᠨ ᠲᠦᠭᠦᠷᠢᠭ᠌ ᠶᠢᠡᠷ ᠱᠠᠡᠭᠨᠠᠭᠳᠠᠭᠰᠠᠨ ᠴᠢᠮᠡᠭᠡ ᠪᠠᠷ ᠠᠯᠠᠱᠠ ᠨᠤᠳᠤᠭ ᠮᠠᠨᠢ ᠲᠠᠬᠢᠨᠲᠠ ᠪᠦᠬᠦ ᠣᠯᠤᠰ ᠴᠢᠨᠠᠭᠰᠢᠯᠠᠨ ᠪᠦᠬᠦ ᠲᠡᠯᠡᠬᠡᠢ ᠳ᠋᠋ᠦ ᠨᠡᠷ᠎ᠡ ᠠᠯᠳᠠᠷ ᠶᠢᠡᠨ ᠲᠠᠭᠤᠷᠢᠰᠬᠠᠯ᠎ᠠ᠃

    ᠨᠤᠳᠤᠭ ᠤᠨ ᠠᠷᠠᠳ ᠣᠯᠠᠨ ᠤ ᠣᠮᠤᠭᠰᠢᠯ ᠪᠤᠯᠤᠭᠰᠠᠨ ᠨᠠᠶᠠᠨᠲᠠᠢ ᠠᠯᠠᠱᠠ ᠪᠠᠷᠠᠭᠤᠨ ᠬᠤᠰᠢᠭᠤᠨ ᠤ ᠶᠠᠪᠠᠷᠠᠢ ᠪᠠᠯᠭᠠᠰᠦᠨ ᠤ ᠪᠠᠳᠠᠢ ᠶᠢᠨ ᠵᠢᠷᠠᠨ ᠭᠠᠴᠠᠭᠠᠨ ᠤ ᠮᠠᠯᠴᠢᠨ᠂ ᠡᠨᠡ ᠵᠢᠯ 37 ᠨᠠᠰᠦᠲᠠᠢ᠃ ᠡᠯᠡᠰᠦᠨ ᠨᠤᠳᠤᠬ ᠲᠦ ᠲᠦᠷᠦᠵᠦ ᠦᠰᠦᠭᠰᠡᠨ ᠲᠡᠷᠡ ᠪᠠᠭ᠎ᠠ ᠡᠴᠡ ᠪᠠᠨ ᠮᠠᠯ ᠲᠡᠮᠡᠭᠡᠨ ᠳ᠋ᠤ ᠬᠠᠢᠢᠷᠠᠲᠠᠢ ᠪᠡᠷ ᠪᠠᠷᠠᠬᠤ ᠦᠬᠡᠢ ᠪᠠᠰᠠ ᠲᠡᠷᠭᠡ ᠮᠠᠰᠢᠨ ᠣᠷᠤᠯᠳᠤᠬᠤ ᠲᠤᠷᠠᠲᠠᠢ ᠪᠠᠢᠢᠳᠠᠭ᠃ ᠲᠡᠷᠡ ᠪᠤᠰᠤᠳ ᠣᠷᠤᠯᠳᠤᠭᠴᠢᠳ ᠲᠠᠢ ᠠᠳᠠᠯᠢᠳᠬᠠᠪᠠᠯ ᠲᠤᠰᠬᠠᠢ ᠮᠡᠷᠭᠡᠵᠢᠯ ᠤᠨ ᠪᠤᠯᠪᠠᠰᠤᠷᠠᠯ ᠵᠢᠯᠤᠭᠤᠳᠤᠯᠭ᠎ᠠ ᠬᠦᠷᠳᠡᠭᠡ ᠦᠬᠡᠢ᠂ ᠵᠦᠪᠭᠡᠨ ᠬᠠᠰᠢᠷ ᠮᠠᠯᠴᠢᠨ ᠤ ᠡᠯᠡᠰᠦᠨ ᠳ᠋ᠤ ᠲᠡᠷᠭᠡ ᠵᠢᠯᠤᠭᠤᠳᠬᠤ ᠵᠤᠷᠢᠭ ᠰᠦᠰᠦ ᠪᠤᠯᠤᠨ ᠠᠷᠭ᠎ᠠ ᠰᠠᠮᠪᠠᠭ᠎ᠠ ᠳ᠋ᠠᠭᠠᠨ ᠲᠦᠰᠢᠭᠯᠡᠵᠦ ᠣᠷᠤᠯᠳᠤᠭᠠᠨ ᠳ᠋ᠤ ᠣᠷᠤᠯᠴᠠᠵᠦ ᠪᠠᠢᠢᠭ᠎ᠠ ᠶᠤᠮ᠃ ᠠᠷᠪᠠᠨ ᠬᠡᠳᠦᠨ ᠵᠢᠯ ᠡᠯᠡᠰᠦᠨ ᠳ᠋ᠤ ᠮᠠᠰᠢᠨ ᠵᠢᠯᠤᠭᠤᠳᠤᠭᠰᠠᠨ ᠨᠠᠶᠠᠨᠲᠠᠢ 2009 ᠣᠨ ᠳ᠋ᠤ ᠣᠷᠤᠯᠳᠤᠭᠠᠨ ᠤ ᠮᠠᠰᠢᠨ ᠵᠢᠯᠤᠭᠤᠳᠬᠤ ᠦᠨᠡᠮᠯᠡᠯ ᠰᠢᠯᠭᠠᠵᠦ ᠠᠪᠤᠭᠰᠠᠨ ᠡᠴᠡ ᠬᠤᠢᠢᠰᠢ ᠶᠡᠬᠡ ᠪᠠᠭ᠎ᠠ ᠣᠷᠤᠯᠳᠤᠭᠠᠨ ᠳ᠋ᠤ ᠤᠯᠠᠨ ᠤᠳᠠᠭ᠎ᠠ ᠣᠷᠤᠯᠴᠠᠵᠦ ᠂ ᠣᠷᠢᠳ ᠬᠤᠵᠢᠳ ᠭᠤᠷᠪᠠᠳᠤᠭᠠᠷ ᠬᠤᠭᠤᠴᠠᠭᠠᠨ ᠤ ᠲᠤᠮᠳᠠᠳᠤ ᠣᠯᠤᠰ ᠤᠨ ᠰᠢᠳᠢ ᠶᠢᠨ ᠣᠷᠤᠨ ᠠᠯᠠᠱᠠ ᠶᠢᠨ ᠬᠤᠪᠢ ᠶᠢᠨ ᠮᠠᠰᠢᠨ ᠤ ᠵᠢᠭᠤᠯᠴᠢᠯᠡᠯ ᠤᠨ ᠨᠡᠢᠢᠷ ᠤᠨ ᠡᠯᠡᠰᠦ ᠮᠠᠡᠭᠬᠠᠨ ᠤ ᠦᠷᠢᠰᠦᠯᠳᠦᠭᠡᠨᠳᠤ ᠣᠷᠤᠯᠳᠤᠭᠠᠨ ᠪᠤᠯᠤᠨ ᠶᠢᠰᠦᠳᠦᠭᠡᠷ ᠬᠤᠭᠤᠴᠠᠭᠠᠨ ᠤ ᠲᠤᠮᠳᠠᠳᠤ ᠣᠯᠤᠰ ᠢᠷᠭᠠᠢ ᠶᠢᠨ ᠣᠯᠠᠨ ᠣᠯᠤᠰ ᠤᠨ ᠮᠠᠰᠢᠨ ᠲᠡᠷᠭᠡ ᠮᠤᠲ᠋ᠤᠷ ᠲᠡᠷᠭᠡ ᠶᠢᠨ ᠵᠢᠭᠤᠯᠴᠢᠯᠡᠯ ᠤᠨ ᠨᠠᠢᠢᠷ ᠤᠨ ᠡᠯᠡᠰᠦ ᠮᠠᠡᠭᠬᠠᠨ ᠤ ᠣᠷᠤᠯᠳᠤᠭᠠᠨ ᠳ᠋ᠤ ᠮᠠᠡᠭᠯᠠᠢᠢᠯᠠᠭᠰᠠᠨ ᠢᠷᠠᠭᠤ ᠠᠯᠳᠠᠷ ᠲᠠᠢ᠃

    《ᠲᠤᠰ ᠣᠳᠠᠭᠠᠨ ᠤ ᠣᠷᠤᠯᠳᠤᠭᠠᠨ ᠳ᠋ᠤ ᠣᠯᠤᠰ ᠤᠨ ᠨᠡᠷᠡᠲᠡᠢ ᠬᠡᠳᠦᠨ ᠲᠡᠷᠭᠡᠴᠢᠨ ᠣᠷᠤᠯᠴᠠᠭᠰᠠᠨ᠂ ᠲᠡᠳᠡᠨᠡᠷ ᠲᠠᠢ ᠲᠡᠷᠭᠡᠨ ᠤ ᠮᠡᠷᠭᠡᠵᠢᠯ ᠪᠤᠯᠤᠨ ᠵᠤᠷᠢᠭ ᠰᠦᠰᠦ ᠪᠠᠨ ᠰᠢᠯᠭᠠᠵᠦ ᠣᠷᠤᠯᠳᠤᠭᠰᠠᠨ ᠨᠢ ᠨᠠᠲᠠ ᠳ᠋ᠤ ᠠᠪᠴᠦ ᠬᠡᠯᠡᠪᠡᠯ ᠪᠠᠰᠠ ᠣᠯᠳᠠᠰᠢ ᠦᠬᠡᠢ ᠰᠠᠢᠢᠬᠠᠨ ᠵᠠᠪᠰᠢᠶᠡᠨ ᠶᠤᠮ᠃ ᠪᠢ ᠦᠪᠡᠷ ᠶᠢᠡᠨ ᠮᠠᠰᠢᠨ ᠳ᠋ᠤ ᠲᠤᠷᠠᠲᠠᠢ᠂ ᠨᠡᠡᠭ ᠢᠯᠡᠬᠦᠤ ᠮᠠᠰᠢᠨ ᠶᠢᠡᠨ ᠵᠢᠯᠤᠭᠤᠳᠴᠦ ᠡᠯᠡᠰᠦᠨ ᠳ᠋ᠤ ᠬᠦᠶᠦᠬᠦ ᠲᠤᠷᠠᠲᠠᠢ᠃ ᠦᠨᠦᠳᠦᠷ ᠤᠨ ᠠᠯᠢᠪᠠ ᠢᠷᠠᠭᠤ ᠠᠯᠳᠠᠷ ᠨᠤᠳᠤᠭ ᠡᠴᠡ ᠮᠢᠨᠢ ᠰᠠᠯᠵᠦ ᠴᠢᠳᠠᠬᠤ ᠦᠬᠡᠢ》ᠬᠡᠵᠦ ᠨᠠᠶᠠᠨᠲᠠᠢ ᠦᠪᠡᠷ ᠤᠨ ᠪᠤᠳᠤᠯ ᠲᠦᠷᠦᠭᠳᠡᠯ ᠶᠢᠡᠨ ᠶᠠᠷᠢᠯ᠎ᠠ᠃

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119720687