蒙古文网站Logo
ᠰᠢᠨᠬᠤᠸᠠ ᠮᠤᠩᠭ᠋ᠤᠯ ᠨᠧᠲ

ᠤᠳᠬ᠎ᠠ ᠲᠡᠭᠦᠯᠲᠡᠷᠵᠢᠵᠦ ᠤᠬᠠᠭᠠᠨ ᠰᠤᠷᠢᠭᠰᠠᠨ ᠪᠡᠭᠡᠵᠢᠩ ᠤᠨ ᠮᠤᠩᠭ᠋ᠤᠯ ᠨᠠᠭᠠᠲᠤᠮ

2016-11-01 18:46

    ᠰᠢᠨᠬᠤᠸᠠ ᠮᠤᠩᠭ᠋᠋ᠤᠯ ᠨᠧᠲ  ᠬᠦᠬᠡᠬᠤᠲᠠ ᠶᠢᠨ 11ᠰᠠᠷ᠎ᠠ ᠶᠢᠨ1 ᠤ ᠡᠲᠦᠷ ᠤᠨ ᠴᠠᠬᠢᠯᠭᠠᠨ ᠮᠡᠲᠡᠭᠡ (ᠬ·ᠦᠵᠡᠰᠭᠦᠯᠡᠩ᠂ ᠰᠠᠷᠠᠨᠲᠤᠶᠠᠭ᠎ᠠ᠂ ᠰᠤᠷᠤᠶ᠎ᠠ᠂ ᠬᠡᠦᠬᠡᠨᠰᠤᠯᠢ) ᠪᠡᠭᠡᠵᠢᠩ ᠤᠨ ᠨᠠᠭᠠᠲᠤᠮ ᠨᠢ ᠪᠡᠭᠡᠵᠢᠩ ᠬᠤᠲᠠ ᠶᠢᠨ ᠮᠤᠩᠭ᠋᠋ᠤᠯᠴᠤᠳ ᠤᠨ ᠪᠠᠶᠠᠷ ᠲᠤᠷᠠᠰᠬᠠᠯ ᠤᠨ ᠡᠲᠦᠷ ᠪᠤᠯᠤᠭᠰᠠᠨ ᠪᠠᠢᠢᠲᠠᠭ᠃ ᠭᠡᠬᠦ ᠳ᠋ᠡᠭᠡᠨ ᠡᠳ᠋ ᠤᠨ ᠵᠠᠰᠠᠬ ᠨᠡᠢᠢᠭᠡᠮ ᠲᠦᠷᠭᠡᠨ ᠬᠦᠭ᠍ᠵᠢᠭ᠍ᠰᠡᠨ ᠡᠨᠡ ᠡᠷᠢᠨ ᠳ᠋ᠤ ᠮᠤᠩᠭ᠋᠋ᠤᠯ ᠨᠠᠭᠠᠲᠤᠮ ᠶᠢᠡᠨ ᠲᠦᠷᠦ ᠶᠢᠨ ᠨᠡᠢᠢᠰᠯᠡᠯ ᠳ᠋ᠤ 36 ᠵᠢᠯ ᠦᠷᠭᠦᠯᠵᠢᠯᠡᠨ ᠶᠠᠪᠤᠭᠲᠠᠭᠤᠯᠬᠤ ᠬᠡᠭ᠍ᠴᠢ ᠦᠶ᠎ᠠ ᠦᠶ᠎ᠠ ᠶᠢᠨ ᠬᠦᠮᠦᠰ ᠤᠨ ᠤᠢᠢᠭ᠎ᠠ ᠦᠭᠡᠢ ᠬᠦᠴᠦᠨ ᠴᠢᠲᠠᠯ᠂ ᠤᠢ ᠤᠬᠠᠭᠠᠨ ᠡᠴᠡ ᠰᠠᠯᠵᠤ ᠴᠢᠳᠠᠰᠢ ᠦᠭᠡᠢ᠃ ᠡᠭᠦᠨ ᠳᠤ ᠠᠷᠠᠯᠵᠢᠶᠠᠴᠢᠨ ᠤᠷᠢᠵᠤ ᠬᠦᠷᠦᠩᠭᠡ ᠲᠠᠲᠠᠬᠤ᠂ ᠨᠠᠢᠢᠷ ᠨᠠᠭᠠᠲᠤᠮ ᠤᠨ ᠠᠭᠤᠯᠭ᠎ᠠ ᠶᠢ ᠪᠠᠶᠠᠯᠢᠭᠵᠢᠭᠤᠯᠬᠤ᠂ ᠬᠦᠷᠢᠶ᠎ᠠ ᠬᠡᠪᠴᠢᠶ᠎ᠠ ᠶᠢ ᠨᠢ ᠦᠷᠭᠡᠨ ᠲᠡᠯᠡᠬᠦ ᠵᠡᠷᠭᠡ ᠪᠡᠷ ᠰᠢᠷᠭᠠᠭᠤ ᠠᠵᠢᠯᠯᠠᠵᠦ᠂ ᠨᠢᠭᠡᠨ ᠮᠦᠷᠤᠨ ᠤ ᠬᠦᠴᠦᠨ ᠶᠢᠡᠨ ᠡᠷᠬᠦᠭ᠍ᠰᠡᠨ ᠪᠡᠭᠡᠵᠢᠩ ᠤᠨ ᠨᠠᠭᠠᠲᠤᠮ ᠤᠨ ᠵᠤᠬᠢᠶᠠᠨ ᠪᠠᠢᠢᠭᠤᠯᠬᠤ ᠺᠤᠮᠢᠰ ᠤᠨ ᠪᠠᠢᠢᠩᠭ᠋᠋ᠤ ᠶᠢᠨ ᠬᠡᠷᠡᠭ ᠡᠷᠬᠢᠯᠡᠭᠴᠢ᠂ ᠨᠠᠷᠢᠨ ᠪᠢᠴᠢᠭ᠌ ᠤᠨ ᠲᠠᠷᠤᠭ᠎ᠠ᠂ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠫᠷᠤᠹᠧᠰᠰᠤᠷ ᠰᠠᠢᠢᠵᠢᠷᠠᠬᠤ ᠭᠤᠸᠠᠢ ᠲᠠᠢ ᠬᠢᠭ᠍ᠰᠡᠨ ᠪᠡᠰᠡᠷᠡᠭ ᠶᠠᠷᠢᠯᠴᠠᠯᠭ᠎ᠠ ᠶᠢ ᠲᠠ ᠪᠦᠬᠦᠨ ᠳᠤ ᠬᠦᠷᠭᠡᠶ᠎ᠠ᠃

    ᠰᠠᠢᠢᠵᠢᠷᠠᠬᠤ ᠭᠤᠸᠠᠢ 2006 ᠤᠨ ᠡᠴᠡ ᠡᠬᠢᠯᠡᠨ ᠪᠡᠭᠡᠵᠢᠩ ᠤᠨ ᠨᠠᠭᠠᠲᠤᠮ ᠤᠨ ᠵᠤᠬᠢᠶᠠᠨ ᠪᠠᠢᠢᠭᠤᠯᠬᠤ ᠠᠵᠢᠯ ᠳ᠋ᠤ ᠤᠷᠤᠯᠴᠠᠵᠠᠢ᠃ 2006 ᠤᠨ ᠪᠠ 2007 ᠤᠨ ᠳ᠋ᠤ ᠡᠳ᠋ ᠤᠨ ᠵᠠᠰᠠᠭ ᠤᠨ ᠬᠦᠴᠢᠷᠲᠡᠯ ᠡᠴᠨ ᠪᠤᠯᠵᠤ ᠪᠡᠭᠡᠵᠢᠩ ᠤᠨ ᠨᠠᠭᠠᠲᠤᠮ ᠨᠢ ᠠᠭᠤᠯᠭ᠎ᠠ ᠬᠡᠯᠪᠡᠷᠢ ᠶᠢᠨ ᠬᠤᠪᠢ ᠳᠤ ᠲᠦᠭᠦᠮᠬᠡᠨ᠂ ᠭᠡᠷ ᠤᠨ ᠨᠠᠢᠢᠷ᠂ ᠤᠷᠠᠨ ᠰᠠᠢᠢᠬᠠᠨ ᠤ ᠦᠲᠡᠰᠢᠯᠡᠭᠡ ᠶᠢᠨ ᠬᠡᠯᠪᠡᠷᠢ ᠪᠡᠷ ᠵᠤᠬᠢᠶᠠᠨ ᠪᠠᠢᠢᠭᠤᠯᠤᠬᠳᠠᠵᠦ ᠪᠠᠢᠢᠪᠠ᠃

    -ᠮᠤᠩᠭ᠋᠋ᠤᠯ ᠨᠠᠭᠠᠲᠤᠮ ᠭᠡᠵᠦ ᠶᠠᠷᠢᠬᠤ ᠪᠡᠷ ᠡᠷ᠎ᠠ ᠶᠢᠨ ᠭᠤᠷᠪᠠᠨ ᠨᠠᠭᠠᠲᠤᠮ ᠬᠡᠷᠬᠢᠨ ᠲᠤᠲᠠᠭᠲᠠᠵᠤ ᠪᠤᠯᠬᠤ ᠠᠵᠢ᠂ 2008 ᠤᠨ ᠡᠴᠡ ᠡᠬᠢᠯᠡᠨ ᠤᠯᠠᠨ ᠬᠦᠮᠦᠨ ᠤ ᠰᠠᠨᠠᠯ ᠠᠰᠠᠭᠤᠯᠭ᠎ᠠ ᠪᠡᠷ ᠸᠠᠩ ᠮᠠᠨᠲᠤᠭ᠎ᠠ ᠪᠠᠭᠰᠢ ᠵᠡᠷᠭᠡ ᠨᠠᠭᠠᠲᠤᠮ ᠤᠨ ᠦᠢᠯᠡ ᠠᠵᠢᠯᠯᠠᠭ᠎ᠠ ᠶᠢ ᠵᠤᠬᠢᠶᠠᠨ ᠪᠠᠢᠢᠭᠤᠯᠬᠤ ᠺᠤᠮᠢᠰ ᠤᠨ ᠬᠦᠮᠦᠰ ᠲᠠᠢ ᠵᠤᠷᠢᠭᠲᠠᠢ ᠪᠡᠷ ᠰᠢᠨ᠎ᠡ ᠶᠢ ᠡᠷᠢᠯᠬᠢᠯᠡᠨ ᠰᠦᠪᠡᠭ᠍ᠴᠢᠯᠡᠵᠦ᠂ ᠨᠡᠢᠢᠭᠡᠮ ᠨᠡᠢᠢᠲᠡ᠂ ᠠᠵᠤ ᠠᠬᠤᠢᠢᠯᠠᠯ᠂ ᠠᠯᠪᠠᠨ ᠪᠠᠢᠢᠭᠤᠯᠭ᠎ᠠ ᠡᠴᠡ ᠬᠦᠷᠦᠩᠭᠡ ᠲᠠᠲᠠᠵᠤ᠂ ᠦᠪᠦᠷ ᠮᠤᠩᠭ᠋᠋ᠤᠯ ᠤᠨ ᠲᠠᠭᠤᠤ ᠪᠦᠵᠢᠭ᠌ ᠤᠨ ᠬᠦᠷᠢᠶᠡᠯᠡᠩ ᠪᠤᠶᠤ ᠤᠯᠠᠭᠠᠨᠮᠦ᠋ᠴᠢᠷ ᠢ ᠤᠷᠢᠬᠤ᠂ ᠪᠦᠭᠡᠴᠤᠳ ᠪᠠ ᠬᠠᠷᠪᠤᠭᠠᠴᠢᠨ ᠤᠷᠢᠬᠤ ᠵᠡᠷᠭᠡ ᠤᠯᠠᠨ ᠠᠷᠭ᠎ᠠ ᠬᠡᠮᠵᠢᠶ᠎ᠠ ᠠᠪᠴᠤ ᠨᠠᠭᠠᠲᠤᠮ ᠤᠨ ᠠᠭᠤᠯᠭ᠎ᠠ ᠶᠢ ᠪᠠᠶᠠᠯᠢᠭᠵᠢᠭᠤᠯᠤᠨ᠂ ᠬᠡᠯᠪᠡᠷᠢ ᠶᠢ ᠨᠢ ᠦᠭᠡᠷᠡᠴᠢᠯᠡᠵᠡᠢ᠃ ᠨᠡᠩ ᠴᠤ ᠭᠡᠷ ᠤᠨ ᠨᠠᠢᠢᠷ ᠤᠨ ᠬᠡᠯᠪᠡᠷᠢ ᠪᠡᠷ ᠶᠠᠪᠤᠭᠲᠠᠵᠤ ᠪᠠᠢᠢᠭᠰᠠᠨ ᠨᠠᠭᠠᠲᠤᠮ ᠢ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠲᠠᠮᠢᠷ ᠤᠨ ᠲᠠᠯᠠᠪᠤᠷ ᠲᠤ ᠶᠠᠪᠤᠭᠲᠠᠭᠤᠯᠵᠤ᠂ ᠬᠡᠪᠯᠡᠯ ᠮᠡᠲᠡᠭᠡᠯᠡᠯ ᠶᠢᠡᠷ ᠤᠬᠠᠭᠤᠯᠤᠨ ᠰᠤᠷᠲᠠᠯᠴᠢᠯᠠᠬᠤ ᠡᠷᠴᠢᠮ ᠶᠢᠡᠨ ᠴᠢᠩᠭ᠋ᠠᠷᠠᠭᠤᠯᠤᠭᠰᠠᠨ ᠡᠴᠡ ᠰᠡᠭᠦᠯ ᠤᠨ ᠦᠶ᠎ᠠ ᠶᠢᠨ ᠪᠡᠭᠡᠵᠢᠩ ᠤᠨ ᠨᠠᠭᠠᠲᠤᠮ ᠵᠢᠯ ᠪᠤᠯᠭᠠᠨ ᠠᠮᠵᠢᠯᠲᠠ ᠲᠠᠢ ᠵᠤᠬᠢᠶᠠᠨ ᠪᠠᠢᠢᠭᠤᠯᠤᠭᠲᠠᠬᠤ ᠰᠠᠭᠤᠷᠢ ᠶᠢ ᠲᠠᠯᠪᠢᠭᠰᠠᠨ ᠶᠤᠮ᠃

    2008 ᠤᠨ ᠡᠴᠡ ᠡᠬᠢᠯᠡᠨ᠂ ᠪᠡᠭᠡᠵᠢᠩ ᠤᠨ ᠨᠠᠭᠠᠲᠤᠮ ᠳ᠋ᠤ ᠨᠠᠮᠠᠷᠢ ᠬᠠᠨᠳᠢᠪ ᠶᠢᠡᠨ ᠡᠷᠭᠦᠭ᠍ᠰᠡᠳ ᠪᠤᠶᠤ ᠨᠠᠭᠠᠲᠤᠮᠴᠢᠳ ᠤᠯᠠᠰᠢᠷᠠᠵᠦ᠂ ᠠᠵᠤ ᠠᠬᠤᠢᠢᠯᠠᠯ ᠲᠠᠢ ᠬᠤᠯᠪᠤᠭ᠎ᠠ ᠪᠠᠷᠢᠬᠰᠠᠨ ᠡᠴᠡ ᠨᠠᠭᠠᠳᠤᠮ ᠨᠢ ᠠᠭᠠᠵᠢᠮ ᠢᠶᠡᠷ ᠵᠠᠬ᠎ᠠ ᠵᠡᠬᠡᠯᠢ ᠤᠷᠤᠭᠤ ᠬᠠᠨᠲᠤᠪᠠ᠃ ᠲᠤᠷᠠᠲᠤᠭᠤᠰᠢᠲᠠᠢ ᠨᠢ 2008 ᠤᠨ ᠡᠴᠡ ᠡᠬᠢᠯᠡᠨ ᠪᠡᠭᠡᠵᠢᠩ ᠬᠤᠲᠠ ᠳ᠋ᠤ ᠠᠵᠢᠯᠯᠠᠵᠤ ᠠᠮᠢᠲᠤᠷᠠᠵᠤ ᠪᠠᠢᠢᠭ᠎ᠠ ᠪᠠᠭᠠᠨ᠎ᠠ ᠮᠡᠲᠤ ᠶᠢᠨ ᠠᠵᠦ ᠠᠬᠤᠶᠢᠯᠠᠯᠲᠠᠳ᠂ ᠦᠨᠳᠦᠰᠦᠲᠡᠨ ᠤ ᠰᠤᠶᠤᠯ ᠳ᠋ᠠᠭᠠᠨ ᠬᠠᠢᠢᠷᠠᠲᠠᠢ ᠬᠦᠮᠦᠰ ᠪᠡᠭᠡᠵᠢᠩ ᠤᠨ ᠨᠠᠭᠠᠲᠤᠮ ᠶᠢᠡᠨ ᠢᠪᠡᠭᠡᠨ ᠲᠡᠳᠭᠦᠭ᠍ᠰᠡᠭᠡᠷ ᠢᠷᠡᠵᠡᠢ᠃

    -ᠨᠠᠭᠠᠲᠤᠮ ᠤᠨ ᠦᠢᠯᠡ ᠠᠵᠢᠯᠯᠠᠭ᠎ᠠ ᠢᠩᠭᠢᠵᠦ ᠵᠢᠯ ᠪᠦᠷᠢ ᠲᠤᠭᠲᠠᠭᠰᠠᠨ ᠬᠤᠭᠤᠴᠠᠭᠠᠨ ᠳ᠋ᠠᠭᠠᠨ ᠵᠤᠬᠢᠶᠠᠨ ᠪᠠᠢᠢᠭᠤᠯᠤᠭᠲᠠᠵᠤ ᠬᠦᠮᠦᠨ ᠵᠤᠨ ᠤ ᠰᠡᠳᠭᠢᠯ ᠳ᠋ᠤ ᠬᠦᠷᠴᠦ ᠪᠠᠢᠢᠨ᠎ᠠ ᠭᠡᠲᠡᠭ ᠲᠤ ᠪᠢᠲᠡ ᠢᠲᠡᠭᠡᠲᠡᠭ᠃ ᠲᠦᠷᠦ ᠶᠢᠨ ᠨᠡᠢᠢᠰᠯᠡᠯ ᠪᠡᠭᠡᠵᠢᠩ ᠬᠤᠲᠠ ᠳ᠋ᠤ ᠤᠯᠠᠨ ᠦᠨᠳᠦᠰᠦᠲᠡᠨ ᠶᠠᠰᠤᠲᠠᠨ ᠠᠵᠢᠯᠯᠠᠵᠤ ᠠᠮᠢᠲᠤᠷᠠᠵᠤ ᠪᠠᠶᠢᠨ᠎ᠠ᠂ ᠪᠡᠭᠡᠵᠢᠩ ᠤᠨ ᠨᠠᠭᠠᠲᠤᠮ ᠢ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠪᠠᠶ᠎ᠠ ᠶᠢᠨ ᠲᠠᠮᠢᠷ ᠤᠨ ᠲᠠᠯᠠᠪᠤᠷ ᠲᠤ ᠵᠤᠬᠢᠶᠠᠨ ᠪᠠᠢᠢᠭᠤᠯᠵᠤ ᠶᠠᠪᠤᠭᠲᠠᠭᠤᠯᠤᠭᠰᠠᠨ ᠶᠢᠡᠷ ᠠᠬ᠎ᠠ ᠲᠡᠭᠦᠦ ᠦᠨᠳᠦᠰᠦᠲᠡᠨ ᠤ ᠬᠢᠨ ᠴᠤ ᠦᠪᠡᠷ ᠦᠪᠡᠷᠰᠡᠳ ᠤᠨ ᠢᠶᠡᠨ ᠪᠠᠶᠠᠷ ᠨᠠᠭᠠᠲᠤᠮ ᠤᠨ ᠦᠢᠯᠡ ᠠᠵᠢᠯᠯᠠᠭ᠎ᠠ ᠪᠠᠨ ᠵᠤᠬᠢᠶᠠᠨ ᠪᠠᠢᠢᠭᠤᠯᠬᠤ ᠬᠠᠯᠠᠭᠤᠨ ᠦᠷᠨᠢᠯ ᠭᠠᠷᠴᠠᠢ᠃ ᠲᠠᠶᠢᠨᠬᠦ ᠪᠡᠭᠡᠵᠢᠩ ᠬᠤᠲᠠ ᠶᠢᠨ ᠦᠨᠳᠦᠰᠦᠲᠡᠨ ᠤ ᠨᠦᠬᠦᠷᠰᠡᠭ ᠬᠤᠯᠪᠤᠭ᠎ᠠ ᠡᠴᠡ ᠵᠢᠯ ᠪᠦᠷᠢ ᠬᠠᠮᠤᠭ ᠤᠨ ᠰᠠᠢᠢᠬᠠᠨ ᠵᠤᠬᠢᠶᠠᠨ ᠪᠠᠢᠢᠭᠤᠯᠤᠭᠲᠠᠭᠰᠠᠠ ᠠᠵᠢᠯᠯᠠᠭ᠎ᠠ ᠶᠢ ᠰᠤᠩᠭ᠋᠋ᠤᠨ ᠰᠢᠯᠭᠠᠷᠠᠭᠤᠯᠳᠠᠬ ᠪᠠ ᠪᠡᠭᠡᠵᠢᠩ ᠤᠨ ᠮᠤᠩᠭ᠋᠋ᠤᠯ ᠨᠠᠭᠠᠲᠤᠮ ᠨᠢ ᠡᠨᠡᠬᠦ ᠰᠢᠯᠭᠠᠷᠠᠭᠤᠯᠤᠯᠲᠠ ᠳᠤ ᠵᠢᠯ ᠪᠦᠷᠢ ᠰᠢᠯᠢᠲᠡᠭ ᠦᠨᠡᠯᠡᠭᠡ ᠬᠦᠷᠲᠡᠵᠦ ᠪᠠᠢᠢᠲᠠᠭ ᠢ ᠡᠨᠳᠡ ᠲᠤᠷᠠᠳᠬᠤ ᠴᠢᠬᠤᠯᠠᠲᠠᠢ᠃

    ᠪᠡᠭᠡᠵᠢᠩ ᠤᠨ ᠨᠠᠭᠠᠲᠤᠮ ᠨᠢ ᠨᠠᠮ ᠤᠨ ᠦᠨᠳᠦᠰᠦᠲᠡᠨ ᠤ ᠲᠤᠬᠠᠢ ᠲᠦᠷᠦ ᠶᠢᠨ ᠪᠤᠲᠤᠯᠭ᠎ᠠ ᠶᠢ ᠤᠬᠠᠭᠤᠯᠵᠤ᠂ ᠦᠨᠳᠦᠰᠦᠲᠡᠨ ᠤ ᠪᠦᠯᠬᠦᠮᠲᠡᠯ ᠲᠠᠪᠰᠢᠯᠲᠠ ᠶᠢ ᠠᠬᠢᠭᠤᠯᠤᠨ᠂ ᠦᠨᠳᠦᠰᠦᠲᠡᠨ ᠨᠤᠭᠦᠳ ᠤᠨ ᠬᠠᠷᠢᠯᠴᠠᠭ᠎ᠠ ᠶᠢ ᠴᠢᠩᠭ᠋ᠠᠳᠬᠠᠵᠤ᠂ ᠦᠨᠳᠦᠰᠦᠲᠡᠨ ᠤ ᠲᠡᠦᠬᠡ ᠰᠤᠶᠤᠯ ᠶᠢᠡᠨ ᠦᠪᠯᠡᠨ ᠵᠠᠯᠭᠠᠮᠵᠢᠯᠠᠬᠤ ᠵᠤᠷᠢᠯᠭ᠎ᠠ ᠢᠯᠡ ᠲᠤᠲᠤ ᠪᠠᠢᠢᠳᠠᠬ ᠢᠢᠡᠷ ᠵᠢᠯ ᠪᠦᠷᠢ ᠤᠯᠠᠨ ᠭᠠᠵᠠᠷ ᠤᠨ ᠨᠠᠭᠠᠮᠲᠤᠴᠢᠳ ᠪᠡᠭᠡᠵᠢᠩ ᠬᠤᠲᠠ ᠳ᠋ᠤ ᠬᠦᠷᠦᠯᠴᠡᠨ ᠢᠷᠡᠵᠦ᠂ ᠪᠡᠭᠡᠵᠢᠩ ᠤᠨ ᠨᠠᠭᠠᠲᠤᠮ ᠶᠢᠡᠷ ᠬᠡᠢᠢᠮᠤᠷᠢ ᠰᠡᠷᠭᠦᠭᠡᠲᠡᠭ ᠪᠤᠯᠵᠠᠢ᠃

    -《ᠤᠯᠠᠨ ᠤ ᠬᠦᠴᠦᠨ ᠳ᠋ᠤ ᠤᠪᠤᠭ᠎ᠠ ᠪᠤᠰᠤᠨ᠎ᠠᠭᠡᠲᠡᠭ ᠃ ᠪᠡᠭᠡᠵᠢᠩ ᠤᠨ ᠮᠤᠩᠭ᠋᠋ᠤᠯ ᠨᠠᠭᠠᠲᠤᠮ ᠤᠯᠠᠨ ᠬᠦᠮᠦᠰ ᠤᠨ ᠲᠡᠮᠵᠢᠯᠭᠡ ᠲᠠᠢ ᠪᠡᠷ ᠶᠠᠪᠤᠬᠤ ᠲᠤᠰᠤᠮ ᠶᠢᠡᠨ ᠲᠦᠷᠢᠮ ᠭᠤᠷᠢᠮ ᠲᠠᠢ᠂ ᠡᠮᠬᠢ ᠴᠡᠭᠴᠡ ᠲᠠᠢ ᠪᠤᠯᠵᠤ ᠪᠠᠢᠢᠭ᠎ᠠ ᠳ᠋ᠤᠨᠢ ᠪᠠᠶᠠᠷᠯᠠᠵᠤ ᠶᠠᠪᠤᠲᠠᠭ᠃ ᠡᠭᠦᠨ ᠤ ᠲᠠᠭᠠᠤ ᠵᠤᠬᠢᠶᠠᠨ ᠪᠠᠢᠢᠭᠤᠯᠬᠤ ᠺᠤᠮᠢᠰ ᠤᠨ ᠵᠤᠬᠢᠶᠠᠨ ᠪᠠᠢᠢᠭᠤᠯᠤᠯᠲᠠ ᠪᠤᠶᠤ ᠠᠷᠭ᠎ᠠ ᠬᠡᠮᠵᠢᠶᠠᠨ ᠳ᠋ᠤ ᠠᠯᠲᠠᠭ᠎᠎ᠠ ᠲᠤᠲᠠᠭᠲᠠᠯ ᠤᠷᠤᠰᠢᠵᠤ ᠪᠠᠢᠢᠬᠤ ᠨᠢ ᠲᠠᠮᠵᠢᠭ ᠦᠭᠡᠢ᠃ ᠵᠢᠯ ᠪᠦᠷᠢ ᠶᠢᠨ ᠨᠠᠭᠠᠲᠤᠮ ᠤᠨ ᠦᠢᠯᠡ ᠠᠵᠢᠯᠯᠠᠭ᠎ᠠ ᠲᠠᠭᠤᠰᠤᠭᠰᠠᠨ ᠤ ᠲᠠᠷᠠᠭ᠎ᠠ ᠪᠢᠲᠡ ᠠᠵᠢᠯ ᠶᠢᠡᠨ ᠳ᠋ᠦᠩᠨᠡᠵᠦ᠂ ᠢᠷᠡᠬᠦ ᠵᠢᠯ ᠤᠨ ᠨᠠᠭᠠᠲᠤᠮ ᠶᠢᠡᠨ ᠤᠯᠠᠨ ᠪᠦᠬᠦᠲᠡ ᠶᠢᠨ ᠰᠠᠨᠠᠯ ᠠᠰᠠᠭᠤᠯᠭ᠎ᠠ ᠶᠢᠨ ᠳᠠᠭᠠᠤ ᠪᠠᠢᠢᠷᠢᠰᠢᠯᠠᠭᠤᠯᠵᠦ᠂ ᠰᠠᠢᠢᠬᠠᠨ ᠨᠠᠭᠠᠲᠤᠮ ᠪᠤᠯᠭᠠᠬᠤ ᠪᠡᠷ ᠴᠢᠷᠮᠠᠢᠢᠨ ᠠᠵᠢᠯᠯᠠᠲᠠᠭ᠃

    -ᠪᠡᠭᠡᠵᠢᠩ ᠤᠨ ᠮᠤᠩᠭ᠋᠋ᠤᠯ ᠨᠠᠭᠠᠲᠤᠮ ᠶᠢᠡᠨ ᠦᠨᠳᠦᠰᠦᠲᠡᠨ ᠤ ᠪᠦᠯᠬᠦᠮᠲᠡᠯ ᠲᠠᠪᠰᠢᠯᠲᠠ ᠶᠢ ᠬᠠᠷᠠᠭᠤᠯᠤᠭᠰᠠᠨ᠂ ᠲᠤᠲᠤᠷᠬᠠᠢ ᠬᠡᠮᠵᠢᠶᠠᠨ ᠤ ᠬᠦᠲᠦᠯᠪᠦᠷᠢ ᠲᠠᠢ᠂ ᠦᠪ ᠰᠤᠶᠤᠯ ᠶᠢᠡᠨ ᠵᠠᠯᠭᠠᠮᠵᠢᠯᠠᠨ ᠬᠦᠭ᠍ᠵᠢᠬᠦᠯᠵᠦ᠂ ᠦᠷ᠎ᠠ ᠬᠤᠢᠢᠴᠢᠰ ᠲᠠᠭᠠᠨ ᠰᠤᠶᠤᠯ ᠶᠢᠡᠨ ᠲᠠᠨᠢᠭᠤᠯᠵᠤ ᠮᠡᠳᠡᠬᠦᠯᠬᠦ ᠦᠷᠭᠡᠨ ᠲᠠᠪᠴᠠᠩ ᠲᠠᠢ᠂ ᠡᠳ᠋ ᠤᠨ ᠵᠠᠰᠠᠭ ᠤᠨ ᠪᠠᠲᠤᠯᠠᠭ᠎ᠠ ᠲᠠᠢ ᠪᠤᠯᠭᠠᠬᠤ ᠪᠡᠷ ᠴᠢᠷᠮᠠᠢᠢᠨ ᠠᠵᠢᠯᠯᠠᠬᠤ ᠪᠤᠯᠤᠨ᠎ᠠ᠃

    ᠰᠤᠷᠪᠤᠯᠵᠢᠯᠠᠭᠰᠠᠨ ᠤ ᠲᠠᠷᠠᠭ᠎ᠠ᠄ 36 ᠳ᠋ᠤᠭᠠᠷ ᠬᠤᠭᠤᠴᠠᠭᠠᠨ ᠤ ᠪᠡᠭᠡᠵᠢᠩ ᠤᠨ ᠨᠠᠭᠠᠲᠤᠮ ᠤᠨ ᠦᠶ᠎ᠠ ᠪᠡᠷ ᠰᠢᠨᠬᠤᠸᠠ ᠮᠤᠩᠭ᠋ᠤᠯ ᠨᠧᠲ ᠤᠨ ᠰᠤᠷᠪᠤᠯᠵᠢᠯᠠᠬᠤ ᠪᠠᠭ ᠤᠨ ᠬᠢᠨ ᠨᠠᠭᠠᠲᠤᠮ ᠤᠨ ᠦᠢᠯᠡ ᠠᠵᠢᠯᠯᠠᠭᠠᠨ ᠤ ᠲᠤᠬᠠᠢ ᠦᠷᠭᠡᠨ ᠬᠡᠮᠵᠢᠶᠡᠨ ᠤ ᠰᠤᠷᠪᠤᠯᠵᠢᠯᠠᠭ᠎ᠠ ᠠᠪᠴᠤ ᠲᠠ ᠪᠦᠬᠦᠨ ᠳ᠋᠋ᠡᠭᠡᠨ ᠬᠦᠷᠭᠡᠯ᠎ᠡ᠃ ᠮᠤᠩᠭ᠋ᠤᠯ ᠨᠠᠭᠠᠲᠤᠮ ᠶᠢᠡᠨ ᠲᠦᠷᠦ ᠶᠢᠨ ᠨᠡᠢᠢᠰᠯᠡᠯ ᠳ᠋ᠤ ᠨᠢᠵᠢᠭᠡᠷ ᠵᠤᠬᠢᠶᠠᠨ ᠪᠠᠢᠭᠤᠯᠵᠤ᠂ ᠮᠤᠩᠭ᠋ᠤᠯ ᠶᠢᠡᠷ ᠶᠢᠡᠨ ᠭᠤᠶᠤᠭᠰᠠᠨ ᠨᠠᠭᠠᠲᠤᠮ ᠳ᠋ᠤ ᠪᠢᠲᠠ ᠴᠤ ᠰᠡᠳᠭᠢᠯ ᠤᠮᠤᠭᠰᠢᠵᠤ᠂ ᠨᠡᠩ ᠴᠤ ᠨᠠᠭᠠᠲᠤᠮ ᠤᠨ ᠦᠢᠯᠡ ᠠᠵᠢᠯᠯᠠᠭ᠎ᠠ ᠶᠢ ᠵᠤᠬᠢᠶᠠᠨ ᠪᠠᠢᠭᠤᠯᠵᠤ ᠪᠠᠶ᠎ᠠ ᠰᠡᠳᠭᠢᠯ ᠶᠢᠡᠨ ᠵᠦᠲᠡᠭᠡᠵᠦ ᠶᠠᠪᠤᠭ᠎ᠠ ᠸᠠᠩ ᠮᠠᠨᠲᠤᠭ᠎ᠠ ᠵᠡᠷᠭᠡ ᠬᠦᠮᠦᠰ ᠡᠴᠡ ᠵᠦᠪ ᠡᠨᠧᠷᠬᠢ ᠠᠪᠤᠭᠰᠠᠨ ᠶᠤᠮ᠃ ᠢᠷᠡᠬᠦ ᠵᠢᠯ ᠤᠨ ᠪᠡᠭᠡᠵᠢᠩ ᠤᠨ ᠨᠠᠭᠠᠲᠤᠮ ᠨᠡᠩ ᠤᠳᠬ᠎ᠠ ᠲᠡᠭᠦᠯᠲᠡᠷ ᠪᠤᠯᠬᠤ ᠨᠢ ᠯᠠᠪᠲᠠᠢ ᠭᠡᠲᠡᠭ ᠲᠦ ᠪᠢᠳᠡ ᠢᠲᠡᠭᠡᠵᠦ ᠪᠠᠢᠢᠨ᠎ᠠ᠃

ᠢᠷᠡᠯᠳᠡ᠄ ᠰᠢᠨᠬᠤᠸᠠ ᠮᠤᠩᠭ᠋᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119830700