蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ᠄ 10 ᠤ ᠡᠲᠦᠷ ᠡᠴᠡ ᠬᠦᠢᠲᠡᠷᠡᠨ᠎ᠡ

2016-11-09 17:28

    ᠰᠢᠨᠬᠤᠸᠠ ᠮᠤᠩᠭᠤᠯ ᠨᠧᠲ  ᠬᠦᠬᠡᠬᠤᠲᠠ ᠶᠢᠨ 11 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ ( ᠬ•ᠦᠵᠡᠰᠭᠦᠯᠡᠩ) ᠦᠪᠦᠷ ᠮᠤᠩᠭᠤᠯ ᠤᠨ ᠴᠠᠭ ᠠᠭᠤᠷ ᠤᠨ ᠬᠤᠷᠢᠶᠠᠨ ᠤ 11 ᠰᠠᠷ᠎ᠠ ᠶᠢᠨ 9 ᠤ ᠡᠲᠦᠷ ᠤᠨ 8᠄ 00 ᠴᠠᠭ ᠲᠤ ᠤᠷᠢᠳᠴᠢᠯᠠᠨ ᠲᠤᠭᠠᠴᠠᠭᠠᠯᠠᠭᠰᠠᠨ ᠶᠢᠡᠷ 10 ᠤ ᠡᠲᠦᠷ ᠬᠦᠢᠲᠠᠨ ᠤᠷᠤᠰᠬᠠᠯ ᠤᠨ ᠨᠦᠯᠦᠭᠡ ᠪᠡᠷ ᠦᠪᠦᠷ ᠮᠤᠩᠭᠤᠯ ᠤᠨ ᠲᠤᠮᠲᠠ ᠵᠡᠬᠦᠨ ᠬᠡᠰᠡᠭ ᠲᠤ ᠪᠤᠷᠤᠭᠠᠨ ᠴᠠᠰᠤ ᠤᠷᠤᠵᠤ᠂ 6 -8 ᠭᠷᠠᠳᠦ᠋ᠰ ᠬᠦᠢᠲᠡᠷᠡᠨ᠎ᠡ᠃ ᠪᠤᠲᠠᠲᠠᠢ ᠴᠠᠭ ᠠᠭᠠᠷ ᠤᠨ ᠪᠠᠢᠢᠲᠠᠯ᠄

    11 ᠰᠠᠷ᠎ᠠ ᠶᠢᠨ 9 ᠤ ᠡᠲᠦᠷ ᠤᠨ 8᠄ 00 ᠴᠠᠭ ᠡᠴᠡ 10 ᠤ ᠡᠲᠦᠷ ᠤᠨ 8᠄ 00 ᠴᠠᠭ ᠪᠤᠯᠲᠠᠯ᠎ᠠ ᠦᠪᠦᠷ ᠮᠤᠩᠭᠤᠯ ᠤᠨ ᠪᠤᠭᠤᠲᠤ ᠶᠢᠨ ᠵᠡᠬᠦᠨ ᠬᠡᠰᠡᠭ᠂ ᠬᠦᠬᠡᠬᠤᠲᠠ ᠶᠢᠨ ᠬᠤᠢᠢᠲᠤ ᠬᠡᠰᠡᠭ᠂ ᠤᠯᠠᠭᠠᠨᠴᠠᠪ᠂ ᠰᠢᠯᠢ ᠶᠢᠨ ᠭᠤᠤᠯ᠂ ᠤᠯᠠᠭᠠᠨᠬᠠᠲᠠ ᠶᠢᠨ ᠪᠠᠷᠠᠭᠤᠨ ᠡᠮᠦᠨ᠎ᠡ ᠬᠡᠰᠡᠭ᠂ ᠬᠢᠩᠭ᠋᠌ᠠᠨ ᠤ ᠬᠤᠢᠢᠲᠤ ᠬᠡᠰᠡᠭ᠂ ᠬᠦᠯᠦᠨ ᠪᠤᠢᠢᠷ ᠲᠤ ᠡᠭᠦᠯᠡ ᠲᠠᠢ᠂ ᠴᠠᠰᠤ ᠪᠤᠷᠤᠭᠠᠨ ᠬᠤᠯᠢᠯᠲᠤᠨ ᠤᠷᠤᠬᠤ ᠪᠤᠶᠤ ᠪᠠᠭ᠎ᠠ ᠴᠠᠰᠤ ᠤᠷᠤᠨ᠎ᠠ᠂ ᠪᠤᠰᠤᠳ ᠭᠠᠵᠠᠷ ᠲᠤ ᠡᠭᠦᠯᠡᠰᠢᠨ᠎ᠡ᠃ ᠲᠤᠮᠲᠠ ᠪᠠᠷᠠᠭᠤᠨ ᠬᠡᠰᠡᠭ ᠲᠤ ᠪᠠᠷᠠᠭᠤᠨ ᠡᠴᠡ 4-5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ ᠪᠠᠷᠠᠭᠤᠨ ᠬᠤᠢᠢᠨ᠎ᠠ ᠡᠴᠡ 5-6 ᠲᠡᠰ ᠶᠢᠡᠷ ᠰᠠᠯᠬᠢᠯᠠᠨ᠎ᠠ᠃ ᠵᠡᠬᠦᠨ ᠬᠡᠰᠡᠭ ᠲᠤ ᠡᠮᠦᠨ᠎ᠡ ᠡᠴᠡ 3-4 ᠲᠡᠰ ᠤᠨ ᠰᠠᠯᠬᠢ ᠲᠠᠢ᠂ ᠪᠤᠰᠤᠳ ᠭᠠᠵᠠᠷ ᠲᠤ ᠪᠠᠷᠠᠭᠤᠨ ᠡᠮᠦᠨ᠎ᠡ ᠡᠴᠡ 3-4 ᠲᠡᠰ ᠤᠨ ᠰᠠᠯᠬᠢ ᠲᠠᠢ᠃

    11 ᠰᠠᠷ᠎ᠠ ᠶᠢᠨ 10 ᠤ ᠡᠲᠦᠷ ᠤᠨ 8᠄ 00 ᠴᠠᠭ ᠡᠴᠡ 11 ᠤ ᠡᠲᠦᠷ ᠤᠨ 8᠄ 00 ᠴᠠᠭ ᠪᠤᠯᠲᠠᠯ᠎ᠠ ᠦᠪᠦᠷ ᠮᠤᠩᠭᠤᠯ ᠤᠨ ᠲᠤᠮᠲᠠ ᠵᠡᠬᠦᠨ ᠬᠡᠰᠡᠭ ᠲᠤ ᠡᠭᠦᠯᠡ ᠲᠠᠢ᠂ ᠪᠠᠭ᠎ᠠ ᠴᠠᠰᠤ ᠤᠷᠤᠬᠤ ᠪᠤᠶᠤ ᠴᠠᠰᠤ ᠪᠤᠷᠤᠭᠠᠨ ᠬᠤᠯᠢᠯᠲᠤᠨ ᠤᠷᠤᠨ᠎ᠠ᠂ ᠬᠢᠩᠭᠠᠨ ᠤ ᠵᠡᠬᠦᠨ ᠬᠤᠢᠢᠲᠤ ᠬᠡᠰᠡᠭ᠂ ᠬᠦᠯᠦᠨ ᠪᠤᠢᠢᠷ ᠤᠨ ᠵᠡᠬᠦᠨ ᠬᠡᠰᠡᠭ ᠲᠤ ᠶᠡᠬᠡ ᠴᠠᠰᠤ ᠤᠷᠤᠨ᠎ᠠ᠂ ᠪᠤᠰᠤᠳ ᠭᠠᠵᠠᠷ ᠲᠤ ᠡᠭᠦᠯᠡᠰᠢᠨ᠎ᠡ᠃

    ᠲᠤᠮᠲᠠ ᠪᠠᠷᠠᠭᠤᠨ ᠬᠡᠰᠡᠭ ᠲᠤ ᠪᠠᠷᠠᠭᠤᠨ ᠡᠴᠡ 4-5 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠲᠦᠷ ᠵᠠᠭᠤᠷ᠎ᠠ 5-6 ᠲᠡᠰ ᠶᠢᠡᠷ ᠰᠠᠯᠬᠢᠯᠠᠨ᠎ᠠ᠂ ᠪᠤᠰᠤᠳ ᠭᠠᠵᠠᠷ ᠲᠤ ᠪᠠᠷᠠᠭᠤᠨ ᠡᠮᠦᠨ᠎ᠡ ᠡᠴᠡ 3 -4 ᠲᠡᠰ ᠶᠢᠡᠷ ᠰᠠᠯᠬᠢᠯᠠᠵᠤ ᠪᠠᠢᠢᠭᠰᠠᠨ ᠶᠢᠡᠨ ᠪᠠᠷᠠᠭᠤᠨ ᠬᠤᠢᠢᠨ᠎ᠠ ᠡᠴᠡ 4-5 ᠲᠡᠰ ᠶᠢᠡᠷ ᠰᠠᠯᠬᠢᠯᠠᠨ᠎ᠠ᠃ ᠲᠤᠮᠲᠠ ᠵᠡᠬᠦᠨ ᠬᠡᠰᠡᠭ ᠤᠨ ᠠᠭᠠᠷ ᠤᠨ ᠲᠤᠯᠠᠭᠠᠨ 4-6 ᠭᠷᠠᠳᠦ᠋ᠰ ᠬᠦᠢᠲᠡᠷᠡᠵᠤ᠂ ᠵᠠᠷᠢᠮ ᠭᠠᠵᠠᠷ  ᠲᠤ 8 ᠭᠷᠠᠳᠦ᠋ᠰ ᠬᠦᠢᠲᠡᠷᠡᠨ᠎ᠡ᠃

    11 ᠰᠠᠷ᠎ᠠ ᠶᠢᠨ 11 ᠤ ᠡᠲᠦᠷ ᠤᠨ 8᠄ 00 ᠴᠠᠭ ᠡᠴᠡ 11 ᠰᠠᠷ᠎ᠠ ᠶᠢᠨ 12 ᠤᠨ ᠡᠲᠦᠷ ᠤᠨ 8᠄ 00 ᠴᠠᠭ ᠪᠤᠯᠲᠠᠯ᠎ᠠ ᠦᠪᠦᠷ ᠮᠤᠩᠭᠤᠯ ᠤᠨ ᠰᠢᠯᠢ ᠶᠢᠨ ᠭᠤᠤᠯ ᠤᠨ ᠡᠮᠦᠨ᠎ᠡ ᠬᠡᠰᠡᠭ᠂ ᠤᠯᠠᠭᠠᠨᠬᠠᠲᠠ ᠶᠢᠨ ᠪᠠᠷᠠᠭᠤᠨ ᠬᠡᠰᠡᠭ᠂ ᠲᠦᠩᠯᠢᠶᠤᠤ ᠶᠢᠨ ᠵᠡᠬᠦᠨ ᠡᠮᠦᠨ᠎ᠡ ᠬᠡᠰᠡᠭ᠂ ᠬᠢᠩᠭ᠋᠋ᠠᠨ ᠤ ᠬᠤᠢᠢᠲᠤ ᠬᠡᠰᠡᠭ ᠪᠠ ᠵᠡᠬᠦᠨ ᠬᠡᠰᠡᠭ᠂ ᠬᠦᠯᠦᠨ ᠪᠤᠢᠢᠷ ᠤᠨ ᠲᠤᠮᠲᠠ ᠵᠡᠬᠦᠨ ᠬᠡᠰᠡᠭ ᠲᠤ ᠡᠭᠦᠯᠡ ᠲᠠᠢ᠂ ᠪᠠᠭ᠎ᠠ ᠴᠠᠰᠤ ᠤᠷᠤᠨ᠎ᠠ᠂ ᠪᠤᠰᠤᠳ ᠭᠠᠵᠠᠷ ᠲᠤ ᠡᠭᠦᠯᠡᠰᠢᠨ᠎ᠡ᠃ ᠵᠡᠬᠦᠨ ᠬᠡᠰᠡᠭ ᠲᠤ ᠪᠠᠷᠠᠭᠤᠨ ᠬᠤᠢᠢᠨ᠎ᠡ ᠡᠴᠡ 3-4 ᠲᠡᠰ ᠤᠨ ᠰᠠᠯᠬᠢ ᠲᠠᠢ᠂ ᠪᠤᠰᠤᠳ ᠭᠠᠵᠠᠷ ᠲᠤ ᠪᠠᠷᠠᠭᠤᠨ ᠡᠴᠡ 4-5 ᠲᠡᠰ ᠤᠨ ᠰᠠᠯᠬᠢ ᠲᠠᠢ᠃

ᠢᠷᠡᠯᠳᠡ᠄ ᠰᠢᠨᠬᠤᠸᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119881957