蒙古文网站Logo
ᠰᠢᠨᠬᠤᠸᠠ ᠮᠤᠩᠭ᠋ᠤᠯ ᠨᠧᠲ

ᠡᠨᠡ ᠡᠪᠤᠯ ᠤᠨ ᠤᠷᠤᠭᠰᠡᠨ ᠴᠠᠰᠤ ᠲᠠᠷᠢᠶᠠᠴᠢᠳ ᠲᠤ ᠬᠦᠴᠢᠷᠳᠡᠯ ᠲᠤᠯᠭᠠᠷᠠᠭᠤᠯᠵᠤ ᠪᠤᠢ

2016-11-17 10:15

    ᠡᠮᠤᠨ᠎ᠡ ᠬᠡᠳᠤᠨ ᠡᠳᠤᠷ ᠦᠪᠦᠷ ᠮᠤᠩᠭ᠋ᠤᠯ ᠤᠨ ᠬᠢᠩᠭ᠋ᠠᠨ ᠠᠢᠢᠮᠠᠭ ᠲᠤ ᠶᠡᠬᠡ ᠬᠡᠪᠴᠢᠶ ᠡ ᠪᠡᠷ ᠴᠠᠰᠤ ᠤᠷᠤᠵᠤ ᠲᠠᠷᠢᠶᠠᠴᠢᠳ ᠤᠨ ᠲᠠᠷᠢᠶ ᠠ  ᠪᠠᠨ ᠤᠷᠤᠭᠤᠯᠬᠤ ᠳᠤ ᠬᠦᠴᠢᠷᠳᠡᠯ ᠲᠤᠯᠭᠠᠷᠠᠭᠤᠯᠵᠤ᠂ ᠦᠢᠯᠡᠳᠪᠦᠷᠢᠯᠡᠯ ᠠᠮᠢᠳᠤᠷᠠᠯ ᠢ ᠨᠢ ᠶᠡᠭᠡᠪᠡᠷ ᠨᠦᠯᠦᠭᠡᠯᠡᠭᠰᠡᠨ ᠪᠠᠢᠢᠨ᠎ᠠ᠃ ᠤᠨᠴᠠᠭᠠᠢᠢᠯᠠᠨ ᠴᠠᠰᠤ ᠤᠷᠤᠭᠰᠠᠨ ᠡᠴᠡ ᠪᠤᠯᠵᠤ ᠵᠠᠷᠢᠮ ᠲᠠᠷᠢᠶᠠᠴᠢᠳ ᠲᠠᠷᠢᠶ ᠠ ᠪᠠᠨ ᠤᠷᠤᠭᠤᠯᠵᠤ ᠠᠮᠵᠢᠭᠰᠠᠨ ᠦᠭᠡᠢ᠂ ᠤᠷᠤᠭᠤᠯᠵᠤ ᠠᠮᠵᠢᠭᠰᠠᠨ ᠴᠤ ᠴᠢᠭᠢᠭ᠌ ᠨᠤᠢᠢᠲᠠᠨ ᠡᠴᠡ ᠪᠤᠯᠵᠤ ᠦᠮᠡᠬᠡᠢᠢᠷᠡᠬᠦ ᠠᠶᠤᠯ ᠳᠤ ᠲᠤᠯᠭᠠᠷᠠᠵᠠᠢ᠃ ᠡᠶᠢᠨᠬᠦ ᠵᠤᠨ ᠳᠤ ᠪᠠᠨ ᠪᠤᠷᠤᠭᠠᠨ ᠦᠭᠡᠢ᠂ ᠨᠠᠮᠤᠷ ᠲᠤ ᠪᠠᠨ ᠦᠷᠬᠦᠯᠵᠢᠯᠡᠭᠰᠡᠨ ᠪᠤᠷᠤᠭᠠᠨ ᠤᠷᠤᠵᠤ᠂ ᠡᠪᠤᠯ ᠤᠨ ᠠᠭᠤᠷ ᠤᠷᠤᠮᠠᠭᠴᠠ ᠴᠠᠰᠤ ᠯᠠᠪᠰᠠᠯᠠᠨ ᠪᠠᠭᠤᠭᠰᠠᠨ ᠡᠴᠡ ᠲᠠᠷᠢᠶᠠᠴᠢᠳ ᠢ ᠳᠠᠪᠬᠤᠷ ᠭᠠᠮᠰᠢᠭ ᠲᠤ ᠲᠤᠯᠭᠠᠷᠠᠭᠤᠯᠵᠠᠢ᠃

    《ᠤᠤᠯ ᠳᠤ ᠪᠠᠨ ᠮᠠᠨ ᠤ ᠬᠢᠨ 10 ᠰᠠᠷ ᠠ ᠶᠢᠨ ᠳᠤᠮᠳᠠᠴᠢ ᠪᠤᠯᠤᠭᠰᠠᠭᠠᠷ ᠯᠡ ᠲᠠᠷᠢᠶ ᠠ ᠬᠤᠷᠢᠶᠠᠬᠤ ᠠᠵᠢᠯ ᠶᠢᠡᠨ ᠡᠬᠢᠯᠡᠭᠦᠯᠴᠢᠭᠡᠳᠡᠭ᠃ ᠭᠡᠪᠡᠴᠤ ᠡᠨᠡ ᠵᠢᠯ ᠬᠤᠷ ᠠ ᠲᠤᠨᠤᠲᠠᠰᠤ ᠪᠠᠭ᠎ᠠ ᠡᠴᠡ ᠲᠠᠷᠢᠶ ᠠ ᠪᠤᠯᠪᠠᠰᠤᠷᠠᠵᠤ ᠴᠢᠳᠠᠭᠰᠠᠨ ᠦᠭᠡᠢ᠂ ᠬᠦᠯᠳᠡᠬᠦ ᠡᠴᠡ ᠡᠮᠤᠨ᠎ᠡ ᠬᠤᠷᠢᠶᠠᠬᠤ ᠭᠡᠵᠤ ᠪᠠᠢᠢᠲᠠᠯ ᠠ ᠲᠡᠭᠷᠢ ᠠᠪᠤ ᠪᠠᠰᠠ ᠬᠢᠯᠢᠨᠭᠨᠡᠴᠢᠬᠡᠯ ᠡ》 ᠭᠡᠵᠤ ᠲᠠᠷᠢᠢ ᠠ ᠲᠦᠮᠦᠰᠤ ᠪᠠᠨ ᠬᠤᠷᠢᠶᠠᠨ ᠶᠠᠭᠠᠷᠠᠵᠤ ᠪᠠᠢᠢᠭᠰᠠᠨ ᠲᠦᠴᠢᠤᠸᠠᠨ ᠰᠢᠶᠠᠨ ᠤ ᠯᠢᠤ ᠬᠤ ᠪᠠᠯᠭᠠᠰᠤ ᠶᠢᠨ ᠲᠠᠷᠢᠶᠠᠴᠢᠨ ᠸᠠᠨᠭ᠌ ᠤᠪᠤᠭᠲᠤ ᠰᠡᠬᠦᠷᠡᠰᠦ ᠠᠯᠲᠠᠨ ᠶᠠᠷᠢᠨ᠎ᠠ᠃

    ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠲᠦᠯᠢᠶᠡᠮᠤᠳᠤ ᠪᠠᠯᠭᠠᠰᠤᠨ ᠤ ᠲᠠᠷᠢᠶᠠᠴᠢᠨ ᠪᠠᠶᠠᠷ᠄《 ᠡᠨᠡ ᠵᠢᠯ ᠮᠠᠨ ᠤ ᠬᠢᠨ 200 ᠮᠤ ᠲᠤᠰᠤᠯᠢᠭ ᠨᠠᠷᠠᠨ ᠬᠤᠸᠠᠷ ᠲᠠᠷᠢᠵᠠᠢ᠃ ᠬᠠᠪᠤᠷ ᠤᠨ ᠬᠤᠷ ᠠ ᠵᠢ ᠬᠦᠯᠢᠶᠡᠵᠤ ᠵᠢᠭᠠᠬᠠᠨ ᠤᠷᠤᠢ  ᠲᠠᠷᠢᠪᠠ᠂ 10 ᠰᠠᠷ ᠠ ᠶᠢᠨ ᠰᠡᠭᠦᠯᠴᠢ ᠪᠡᠷ ᠤᠷᠤᠭᠤᠯᠬᠤ ᠭᠡᠬᠦ ᠳᠤ ᠪᠦᠷᠢ ᠴᠢᠭᠢᠭ᠌ ᠲᠠᠢ᠃ 11 ᠰᠠᠷ ᠠ ᠶᠢᠨ ᠡᠬᠢ ᠪᠡᠷ ᠬᠤᠷᠢᠶᠠᠯᠲᠠ ᠶᠢᠨ ᠠᠵᠢᠯ ᠶᠢᠡᠨ ᠡᠬᠢᠯᠡᠭᠦᠯᠦᠭᠡᠳ ᠠᠷᠠᠢ ᠯᠡ 2 ᠡᠳᠤᠷ ᠪᠤᠯᠤᠭ᠎ᠠ ᠦᠭᠡᠢ ᠴᠠᠰᠤ ᠬᠤᠷᠠᠵᠤ ᠲᠤᠰᠤᠯᠢᠭ ᠨᠠᠷᠠᠨ ᠬᠤᠸᠠᠷ ᠤᠨ ᠬᠠᠭᠠᠰ ᠨᠢ ᠴᠠᠰᠤᠨ ᠳᠤ ᠬᠤᠴᠢᠭᠳᠠᠴᠢᠬᠠᠯ ᠠ᠃ ᠲᠡᠭᠷᠢ ᠶᠢᠨ ᠪᠠᠢᠢᠳᠠᠯ ᠢ ᠬᠡᠨ ᠠᠵᠢᠭᠯᠠᠨ ᠮᠡᠳᠡᠬᠦ ᠪᠢᠯᠡ!》 ᠭᠡᠵᠤ ᠰᠠᠨᠠᠭᠠᠰᠢᠷᠠᠨ ᠬᠡᠯᠡᠯ ᠡ᠃

    ᠶᠡᠷᠤᠨᠭ᠍ᠬᠡᠢ ᠳᠤᠨᠢ ᠦᠵᠡᠪᠡᠯ ᠡᠨᠡ ᠵᠢᠯ ᠮᠠᠨ ᠤ ᠠᠢᠢᠮᠠᠭ ᠤᠨ ᠲᠠᠷᠢᠶᠠᠯᠠᠨᠭ᠌ ᠤᠨ ᠪᠠᠢᠢᠳᠠᠯ ᠬᠠᠪᠤᠷ ᠤᠨ ᠬᠤᠭᠤᠴᠠᠭᠠᠨ ᠳᠤ ᠬᠤᠷ ᠠ ᠳᠤᠲᠠᠵᠤ᠂ ᠴᠢᠭᠢᠭ᠌ ᠤᠨ ᠬᠡᠮᠵᠢ ᠡ ᠬᠦᠷᠦᠯᠴᠡᠬᠦ ᠦᠭᠡᠢ ᠡᠴᠡ ᠤᠯᠠᠨᠭ᠍ᠬᠢ ᠲᠠᠷᠢᠶᠠᠴᠢᠳ ᠦᠨᠭ᠍ᠭᠡᠷᠡᠭᠰᠡᠨ ᠵᠢᠯ ᠲᠠᠢ ᠬᠠᠷᠢᠴᠠᠭᠤᠯᠪᠠᠯ ᠬᠠᠭᠠᠰ ᠰᠠᠷ ᠠ ᠤᠷᠤᠢ ᠲᠠᠷᠢᠶᠠᠯᠠᠭᠰᠠᠨ ᠪᠠᠢᠢᠨ᠎ᠠ᠃ ᠵᠤᠨ ᠤ ᠤᠯᠠᠷᠢᠯ ᠤᠨ ᠲᠠᠷᠢᠮᠠᠯ ᠤᠨ ᠤᠷᠭᠤᠯᠲᠠ ᠶᠢᠨ ᠬᠤᠭᠤᠴᠠᠭᠠᠨ ᠳᠤ ᠪᠦᠬᠦ ᠠᠢᠢᠮᠠᠭ ᠤᠨ ᠬᠡᠪᠴᠢᠶᠡᠨ ᠳᠤ ᠬᠤᠷ ᠠ ᠳᠤᠲᠠᠵᠤ ᠤᠷᠭᠤᠯᠲᠠ ᠪᠠ ᠪᠤᠯᠪᠠᠰᠤᠷᠠᠭᠤᠯᠲᠠ ᠵᠢ ᠶᠡᠬᠡ ᠪᠡᠷ ᠨᠦᠯᠦᠭᠡᠯᠡᠵᠡᠢ᠃ ᠡᠳᠡᠭᠡᠷ ᠤᠯᠠᠨ ᠰᠢᠯᠲᠠᠭᠠᠨ ᠡᠴᠡ ᠪᠤᠯᠵᠤ ᠬᠢᠩᠭ᠋ᠠᠨ ᠠᠢᠢᠮᠠᠭ ᠤᠨ ᠲᠠᠷᠢᠶᠠᠴᠢᠳ ᠤᠨ ᠨᠠᠮᠤᠷ ᠤᠨ ᠬᠤᠷᠢᠶᠠᠯᠲᠠ ᠦᠨᠭ᠍ᠭᠡᠷᠡᠭᠰᠡᠨ ᠵᠢᠯ ᠤᠳ ᠲᠠᠢ ᠠᠳᠠᠯᠢᠳᠬᠠᠪᠠᠯ ᠬᠠᠷᠢᠴᠠᠨᠭᠭᠤᠢ ᠲᠤᠤᠷ ᠠ ᠪᠤᠯᠤᠯ ᠠ᠃

    ᠵᠤᠨ ᠳᠤ ᠪᠠᠨ ᠬᠤᠷ ᠠ ᠲᠤᠨᠤᠲᠠᠰᠤ ᠪᠠᠭ᠎ᠠ ᠡᠴᠡ ᠲᠠᠷᠢᠶᠠᠴᠢᠳ ᠤᠨ ᠲᠠᠷᠢᠮᠠᠯ ᠭᠠᠨᠭ᠌ ᠬᠠᠭᠰᠠᠷᠠᠭᠠᠨ ᠳᠤ ᠳᠠᠭᠠᠷᠢᠭᠳᠠᠵᠤ᠂ ᠠᠭᠤᠯᠠᠨ ᠪᠡᠯ ᠤᠨ ᠲᠠᠷᠢᠶ ᠠ ᠦᠨᠳᠤᠰᠤᠨ ᠳᠤ ᠪᠠᠨ ᠬᠤᠷᠢᠶᠠᠯᠲᠠ ᠤᠯᠤᠭᠰᠡᠨ ᠦᠭᠡᠢ᠃ ᠨᠠᠮᠤᠷ ᠦᠷᠬᠦᠯᠵᠢᠯᠡᠭᠰᠡᠨ ᠪᠤᠷᠤᠭᠠᠨ ᠤᠷᠤᠭᠰᠠᠨ ᠡᠴᠡ ᠴᠢᠭᠢᠭ᠌ ᠤᠨ ᠬᠡᠮᠵᠢᠶ ᠡ ᠳᠡᠭᠡᠭ᠍ᠰᠢᠯᠡᠵᠤ ᠲᠤᠰᠤᠯᠢᠭ ᠨᠠᠷᠠᠨ ᠬᠤᠸᠠᠷ ᠤᠨ ᠬᠤᠷᠢᠶᠠᠬᠤ ᠴᠠᠭ ᠬᠤᠢᠢᠰᠢᠯᠠᠵᠤ ᠂ ᠬᠤᠷᠢᠶᠠᠵᠤ ᠠᠮᠵᠢᠬᠤ ᠡᠴᠡ ᠡᠮᠤᠨ᠎ᠡ ᠴᠠᠰᠤᠨ ᠳᠤ ᠬᠤᠴᠢᠭᠳᠠᠵᠤ᠂ ᠲᠠᠷᠢᠶᠠᠴᠢᠳ ᠠᠷᠭ᠎ᠠ ᠠᠯᠳᠠᠨ ᠪᠤᠬᠢᠨᠢᠳᠤᠨ᠎ᠠ᠃ ( ᠬᠢᠩᠭ᠋ᠠᠨ ᠤ ᠡᠲᠦᠷ ᠤᠨ ᠰᠤᠨᠢᠨ ᠤ ᠰᠤᠷᠪᠤᠯᠵᠢᠯᠠᠭᠴᠢ ᠴᠡᠩᠭᠡᠯᠲᠦ)

    ᠲᠠᠲᠤᠯᠭ᠎ᠠ ᠶᠢᠨ ᠰᠤᠷᠤᠭᠴᠢ ᠬᠤᠷᠴᠠ ᠨᠠᠢᠢᠷᠠᠭᠤᠯᠪᠠ

ᠢᠷᠡᠯᠳᠡ᠄ ᠬᠢᠩᠭ᠋ᠠᠨ ᠤ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119930642