蒙古文网站Logo
ᠰᠢᠨᠬᠤᠸᠠ ᠮᠤᠩᠭ᠋ᠤᠯ ᠨᠧᠲ

ᠤᠷᠠᠳ ᠤᠨ ᠬᠤᠢᠢᠲᠤ ᠬᠤᠰᠢᠭᠤᠨ ᠤ ᠬᠦᠲᠡᠭᠡ ᠲᠤᠰᠬᠤᠨ ᠤ ᠢᠲᠡᠭᠡᠮᠵᠢ ᠶᠢᠨ ᠬᠤᠷᠰᠢᠶ᠎ᠠ ᠮᠤᠩᠭ᠋ᠤᠯ ᠬᠢᠲᠠᠳ ᠬᠡᠯᠡᠨ ᠤ ATM ᠮᠠᠰᠢᠨ ᠤᠷᠤᠭᠤᠯᠵᠠᠢ

2016-11-18 15:52

    ᠦᠪᠦᠷ ᠮᠤᠩᠭ᠋ᠤᠯ ᠤᠨ ᠪᠠᠶᠠᠨᠨᠠᠭᠤᠷ ᠬᠤᠲᠠ ᠶᠢᠨ ᠤᠷᠠᠳ ᠤᠨ ᠬᠤᠢᠢᠲᠤ ᠬᠤᠰᠢᠭᠤᠨ ᠤ ᠬᠦᠲᠡᠭᠡ ᠲᠤᠰᠬᠤᠨ ᠤ ᠢᠲᠡᠭᠡᠮᠵᠢ ᠶᠢᠨ ᠬᠤᠷᠰᠢᠶ᠎ᠠ ᠪᠦᠬᠦ ᠬᠤᠲᠠ ᠳ᠋ᠤ ᠬᠠᠮᠤᠭ ᠲᠡᠷᠢᠭᠦᠨ ᠳ᠋ᠤ ᠮᠤᠩᠭ᠋ᠤᠯ ᠬᠢᠲᠠᠳ ᠬᠤᠤᠰ ᠬᠡᠯᠡᠨ ᠤ ATM ᠮᠠᠰᠢᠨ ᠤᠷᠤᠭᠤᠯᠤᠨ᠂ ᠮᠤᠩᠭ᠋ᠤᠯᠴᠤᠳ ᠲᠤ ᠲᠦᠭᠦᠮ ᠲᠦᠲᠡ ᠦᠢᠯᠡᠴᠢᠯᠡᠭᠡ ᠬᠠᠩᠭ᠋ᠠᠵᠤ ᠪᠠᠢᠢᠨ᠎ᠠ᠃

    ᠠᠮᠤᠭᠤᠯᠠᠩ ᠪᠤᠯ ᠤ᠋ᠤ ᠶᠢᠨ ᠭᠤᠤᠯ ᠰᠤᠮᠤ ᠶᠢᠨ ᠠᠯᠲᠠᠨᠬᠠᠭᠠᠯᠭ᠎ᠠ ᠭᠠᠴᠠᠭᠠᠨ ᠤ ᠮᠠᠯᠴᠢᠨ ᠶᠤᠮ᠃ ᠬᠢᠲᠠᠳ ᠦᠰᠦᠭ ᠶᠡᠷᠦ ᠡᠴᠡ ᠲᠠᠨᠢᠲᠠᠭ ᠦᠭᠡᠢ ᠲᠡᠷᠡ ᠡᠨᠡ ᠡᠲᠦᠷ ᠬᠦᠭ᠍ᠰᠢᠨ ᠲᠠᠢ ᠪᠠᠨ ᠬᠤᠶᠠᠭᠤᠯᠠ ᠰᠤᠮᠤᠨ ᠲᠡᠭᠡᠷᠡᠬᠢ ᠬᠦᠲᠡᠭᠡ ᠲᠤᠰᠬᠤᠨ ᠤ ᠢᠲᠡᠭᠡᠮᠵᠢ ᠶᠢᠨ ᠬᠤᠷᠰᠢᠶ᠎ᠠ ᠶᠢᠨ ATM ᠮᠠᠰᠢᠨ ᠤ ᠮᠤᠩᠭ᠋ᠤᠯ ᠬᠡᠯᠡᠨ ᠤ ᠦᠢᠯᠡᠴᠢᠯᠡᠭᠡ ᠶᠢᠨ ᠲᠠᠷᠤᠪᠴᠢ ᠪᠡᠷ ᠲᠠᠮᠵᠢᠨ ᠵᠤᠭᠤᠰ ᠶᠢᠡᠨ ᠭᠠᠷᠭᠠᠵᠤ ᠴᠢᠲᠠᠬᠤ ᠪᠤᠯᠤᠭᠰᠠᠨ  ᠋ᠳ᠋ᠠᠭᠠᠨ ᠲᠤᠩ ᠪᠠᠶᠠᠷᠲᠠᠢ ᠪᠠᠢᠢᠯ᠎ᠠ᠃ ᠲᠡᠷᠡ᠄《ᠮᠠᠨ ᠤ ᠡᠨᠳᠡ ᠤᠲᠤ ᠵᠤᠭᠤᠰ ᠠᠪᠬᠤ ᠳ᠋ᠤ ᠮᠤᠩᠭ᠋ᠤᠯ ᠶᠢᠡᠷ ᠦᠢᠯᠡᠴᠢᠯᠡᠬᠦ ᠮᠠᠰᠢᠨ ᠭᠠᠷᠤᠭᠠᠳ ᠢᠷᠡᠭᠰᠡᠨ᠂ ᠬᠢᠲᠠᠳ ᠬᠡᠯᠡ ᠮᠡᠳᠡᠬᠦ ᠦᠭᠡᠢ ᠮᠤᠩᠭ᠋ᠤᠯᠴᠤᠳ᠂ ᠨᠡᠩ ᠢᠯᠠᠩᠭ᠋ᠤᠶ᠎ᠠ ᠨᠠᠰᠤ ᠲᠦᠬᠦᠭ᠍ᠰᠡᠨ ᠬᠦᠮᠦᠰ ᠤᠤᠯ ᠳ᠋ᠠᠭᠠᠨ ᠵᠤᠭᠤᠰ ᠶᠢᠡᠨ ᠦᠪᠡᠷᠲᠡᠭᠡᠨ ᠭᠠᠷᠭᠠᠵᠤ ᠠᠪᠴᠤ ᠲᠡᠢᠢᠯᠬᠦ ᠦᠭᠡᠢ ᠪᠠᠢᠢᠭᠰᠠᠨ᠂ ᠤᠲᠤ ᠡᠨᠡ ᠮᠤᠩᠭ᠋ᠤᠯ ᠮᠠᠰᠢᠨ ᠭᠠᠷᠴᠤ ᠢᠷᠡᠭᠰᠡᠨ ᠡᠴᠡ ᠮᠠᠨ ᠤ ᠡᠨᠳᠡ ᠮᠠᠰᠢ ᠶᠡᠬᠡ ᠲᠦᠬᠦᠮ ᠪᠤᠯᠤᠭᠰᠠᠨ᠂ ᠲᠡᠭᠡᠭᠡᠳ ᠮᠠᠯᠴᠢᠳ ᠶᠡᠬᠡ ᠪᠠᠶᠡᠷᠲᠠᠢ ᠪᠠᠢᠢᠨ᠎ᠠ》ᠭᠡᠵᠦ ᠪᠠᠢᠢᠯ᠎ᠠ᠃

    ᠤᠷᠠᠳ ᠤᠨ ᠬᠤᠶᠢᠳᠤ ᠬᠤᠰᠢᠭᠤᠨ ᠤ ᠭᠦᠳᠡᠭᠡ ᠲ᠋ᠤᠰᠬᠤᠨ ᠤ ᠢᠳᠡᠭᠡᠮᠵᠢ ᠶᠢᠨ ᠬᠤᠷᠰᠢᠶ᠎ᠠ ᠶᠢᠨ ᠵᠤᠭᠤᠰ ᠬᠠᠳᠠᠭᠠᠯᠠᠬᠤ ᠡᠯᠺᠲ᠋ᠸᠷᠤᠨ ᠮᠠᠰᠢᠨ ᠪᠤᠯ ᠬᠤᠰᠢᠭᠤᠨ ᠲ᠋ᠤᠳᠤᠷᠠᠭᠢ ᠦᠢᠯᠡᠴᠢᠯᠡᠭᠦ ᠬᠦᠷᠢᠶ᠎ᠠ ᠬᠡᠪᠴᠢᠶ᠎ᠠ ᠪᠠᠷ ᠦᠷᠭᠡᠨ ᠮᠦᠷᠳᠡᠭᠡᠨ ᠬᠠᠮᠤᠭ ᠤᠯᠠᠨ ᠲ᠋ᠤᠭᠢᠷᠠᠭᠤᠯᠤᠭᠰᠠᠨ ᠴᠢᠯᠦᠭᠡᠳᠤ ᠪᠠᠩᠭᠢ ᠪᠠᠶᠢᠵᠤ ᠂ 24 ᠴᠠᠭ ᠤᠨ ᠦᠢᠯᠡᠴᠢᠯᠡᠭᠡ ᠳᠠᠢ᠂ ᠵᠠᠷᠤᠵᠤ ᠭᠡᠷᠡᠭᠯᠡᠭᠦ ᠳ᠋ᠤ ᠲᠦᠭᠦᠮ ᠪᠠᠶᠢᠳᠠᠭ ᠃ ᠤᠳᠤᠬᠠᠨ ᠪᠤᠯᠳᠠᠯ᠎ᠠ ᠂ ᠲ᠋ᠤᠰ  ᠬᠤᠰᠢᠭᠤᠨ ᠤ ᠭᠦᠳᠡᠭᠡ ᠲ᠋ᠤᠰᠬᠤᠨ ᠤ ᠢᠳᠡᠭᠡᠮᠵᠢ ᠶᠢᠨ ᠬᠤᠷᠰᠢᠶ᠎ᠠ ᠡᠯ᠎ᠠ ᠰᠤᠮᠤ ᠪᠠᠯᠭᠠᠰᠤ ᠪᠤᠯᠤᠨ ᠬᠤᠰᠢᠭᠤᠨ ᠲᠦᠪ ᠲᠡᠬᠢ 20 ᠰᠠᠤᠷᠢ ATM ᠮᠠᠰᠢᠨ ᠳ᠋ᠤ ᠮᠤᠩᠭ᠋ᠤᠯ ᠭᠢᠳᠠᠳ ᠬᠤᠤᠰ ᠭᠡᠯᠡᠨ ᠤ ᠦᠢᠯᠡᠴᠢᠯᠡᠭᠡ ᠲᠠᠢ ᠲ᠋ᠤᠨᠤᠭ ᠲ᠋ᠦ᠋ᠬᠥᠭᠡᠷᠦᠮᠵᠢ ᠶᠢ ᠤᠭᠰᠠᠷᠠᠨ ᠤᠷᠤᠭᠤᠯᠵᠤ ᠂ ᠦᠷᠭᠡᠨ ᠤᠯᠠᠨ ᠮᠤᠩᠭ᠋ᠤᠯᠴᠤᠳ ᠲᠤ ᠲᠦᠭᠦᠮ ᠲᠦᠲᠡ ᠦᠢᠯᠡᠴᠢᠯᠡᠭᠡ ᠬᠠᠩᠭ᠋ᠠᠵᠤ ᠪᠠᠶᠢᠬᠤ ᠪᠠᠷ ᠪᠠᠷᠠᠬᠤ ᠦᠭᠡᠢ ᠪᠠᠶᠠᠨᠨᠠᠭᠤᠷ ᠬᠤᠳᠠ ᠳ᠋ᠠᠭᠠᠨ ᠬᠠᠮᠤᠭ ᠠᠩᠬᠠᠨ ᠤ ᠮᠤᠩᠭ᠋ᠤᠯ ᠭᠢᠳᠠᠳ ᠬᠤᠤᠰ ᠭᠡᠯᠡᠨ ᠤATM ᠮᠠᠰᠢᠨ ᠤᠷᠤᠭᠤᠯᠤᠭᠰᠠᠨ ᠬᠤᠰᠢᠭᠤ ᠪᠤᠯᠤᠭᠰᠠᠨ ᠪᠠᠢᠢᠨ᠎ᠠ᠃

    ᠲ᠋ᠤᠰ ᠬᠤᠰᠢᠭᠤᠨ ᠤ ᠭᠦᠳᠡᠭᠡ ᠲ᠋ᠤᠰᠬᠤᠨ ᠤ ᠢᠳᠡᠭᠡᠮᠵᠢ ᠶᠢᠨ ᠬᠤᠷᠰᠢᠶ᠎᠎ᠠ ᠶᠢᠨ ᠠᠵᠢᠯᠳᠠᠨ ᠤᠶᠤᠨᠳᠤᠭᠤᠰ᠄ᠭᠤᠷᠪᠠᠨ ᠰᠠᠯᠪᠤᠷᠢ ᠪᠠᠩᠭᠢ ᠶᠢᠨ ᠭᠦᠭ᠍ᠵᠢᠯᠳᠡ ᠶᠢᠨ ᠪᠠᠶᠢᠯᠳᠤᠬᠤ ᠪᠤᠳᠤᠯᠭ᠎ᠠ ᠶᠢ ᠨᠠᠶᠢᠳᠠᠪᠤᠷᠢᠵᠢᠭᠤᠯᠬᠤ ᠶᠢᠨ ᠲ᠋ᠤᠰᠠᠳᠠ᠂ ᠮᠠᠨ ᠤ ᠬᠤᠷᠰᠢᠶ᠎ᠠ ᠦᠪᠡᠷᠳᠡᠭᠡᠨ ᠵᠠᠰᠠᠬᠤ ᠤᠷᠤᠨ ᠤ ᠢᠳᠡᠭᠡᠮᠵᠢ ᠶᠢᠨ ᠬᠤᠷᠰᠢᠶ᠎ᠠ ᠪᠠ ATM᠋ ᠮᠠᠰᠢᠨ ᠤ ᠦᠢᠯᠡᠳᠪᠤᠷᠢ ᠳᠠᠢ ᠬᠠᠮᠵᠢᠯᠴᠠᠵᠤ ᠪᠠᠶᠢᠭᠠᠳ ᠮᠤᠩᠭ᠋ᠤᠯ ᠭᠢᠳᠠᠳ ᠬᠤᠤᠰ ᠭᠡᠯᠡᠨ ᠤ ATM ᠮᠠᠰᠢᠨ ᠤᠷᠤᠭᠤᠯᠵᠤ ᠂ ᠨᠡᠩ ᠰᠠᠶᠢᠨ ᠦᠢᠯᠡᠴᠢᠯᠡᠭᠡ ᠪᠡᠷ ᠶᠢᠡᠨ ᠦᠷᠭᠡᠨ ᠤᠯᠠᠨ ᠮᠠᠯᠴᠢᠨ ᠲ᠋ᠠᠷᠢᠶᠠᠴᠢᠨ ᠤ ᠵᠤᠭᠤᠰ ᠮᠦᠩᠭᠦ ᠪᠠᠨ ᠡᠵᠡᠩᠨᠡᠭᠦ ᠭᠦᠰᠡᠯ ᠱᠠᠭᠠᠷᠳᠠᠯᠭ᠎ᠠ ᠶᠢ ᠪᠡᠶᠡᠯᠡᠭᠦᠯᠦᠭᠰᠡᠨ ᠪᠠᠶᠢᠨ᠎ᠠᠭᠡᠯ᠎ᠠ᠃

    ᠡᠭᠦᠨ ᠡᠴᠠ ᠭᠠᠳᠠᠨ᠎ᠠ ᠂ ᠲ᠋ᠤᠰ ᠬᠤᠰᠢᠭᠤᠨ ᠤ ᠭᠦᠳᠡᠭᠡ ᠲ᠋ᠤᠰᠬᠤᠨ ᠤ ᠢᠳᠡᠭᠡᠮᠵᠢ ᠶᠢᠨ ᠬᠤᠷᠰᠢᠶ᠎ᠠ ᠨᠢ ᠴᠦᠭᠡᠨ ᠲ᠋ᠤᠭᠠᠳᠤ ᠦᠨᠳᠤᠰᠤᠳᠡᠨ ᠲᠦᠪᠯᠡᠷᠡᠨ ᠰᠠᠭᠤᠷᠢᠰᠢᠭ‍ᠰᠠᠨ ᠭᠠᠵᠠᠷ ᠤᠷᠤᠨ ᠤ ᠪᠠᠶᠢᠳᠠᠯ ᠳ᠋ᠤ ᠵᠤᠭᠢᠴᠠᠭᠤᠯᠤᠨ ᠂ ᠪᠦᠭᠦ ᠬᠤᠰᠢᠭᠤᠨ ᠤ ᠭᠡᠪᠴᠢᠶᠡᠨ ᠳ᠋ᠡᠭᠢ ᠡᠯ᠎ᠡ ᠠᠵᠢᠯᠯᠠᠬᠤ ᠲ᠋ᠢᠩᠭᠢᠮ ᠳ᠋ᠤ ᠴᠦᠮ ᠮᠤᠩᠭ᠋ᠤᠯ ᠶᠢᠡᠷ ᠦᠢᠯᠡᠴᠢᠯᠡᠭᠦ ᠴᠤᠩᠬᠤᠪᠴᠢ ᠪᠤᠯᠤᠨ ᠮᠤᠩᠭ᠋ᠤᠯ ᠠᠵᠢᠯᠳᠠᠨ ᠲ᠋ᠤᠭᠢᠷᠠᠭᠤᠯᠵᠤ ᠂ ᠮᠤᠩᠭ᠋ᠤᠯ ᠦᠭᠡ ᠭᠡᠯᠡ ᠦᠰᠦᠭ ᠪᠢᠴᠢᠭ᠌ ᠢ ᠦᠨᠡᠨᠭᠦ ᠭᠦᠨᠳᠦᠳᠭᠡᠨ ᠦᠵᠡᠵᠤ ᠂ ᠪᠦᠭᠦ ᠬᠤᠰᠢᠭᠤᠨ ᠳ᠋ᠠᠭᠠᠨᠮᠤᠩᠭ᠋ᠤᠯ ᠭᠡᠯᠡ ᠪᠢᠴᠢᠭ᠌ ᠤᠨ ᠠᠵᠢᠯ ᠤᠨ ᠲᠦᠷᠢᠮ》 ᠢ ᠦᠨᠡᠨ ᠪᠤᠳᠡᠳᠠᠢ ᠲ᠋ᠤᠤᠱᠯᠠᠭᠤᠯᠤᠨ ᠭᠡᠷᠡᠭᠵᠢᠭᠦᠯᠦᠭᠰᠡᠨ ᠵᠢᠱᠢᠶ᠎ᠠ ᠦᠵᠡᠭᠦᠯᠭᠦ ᠪᠠᠶᠢᠭᠤᠯᠤᠯᠭ᠎ᠠ ᠨᠢᠭᠡᠴᠡ ᠪᠤᠯᠤᠭᠰᠠᠨ ᠪᠠᠢᠢᠨ᠎ᠠ᠃ ( ᠰᠡᠴᠡᠨᠬᠤᠸᠠᠷ )

ᠢᠷᠡᠯᠳᠡ᠄ ᠪᠠᠶᠠᠨ ᠨᠠᠭᠤᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119942245