蒙古文网站Logo
ᠰᠢᠨᠬᠤᠸᠠ ᠮᠤᠩᠭ᠋ᠤᠯ ᠨᠧᠲ

ᠤᠲᠤᠮ ᠰᠤᠶᠤᠯ ᠶᠢᠡᠷ ᠶᠢᠡᠨ ᠬᠤᠯᠪᠤᠯᠲᠤᠭᠰᠠᠨ ᠤᠷᠤᠰ ᠤᠨ ᠬᠠᠯᠢᠮᠠᠭᠴᠤᠳ ᠲᠤ ᠤᠯᠠᠮᠵᠢᠯᠠᠯᠲᠤ ᠰᠤᠶᠤᠯ ᠶᠢᠡᠨ ᠭᠠᠢᠢᠬᠠᠭᠤᠯᠤᠯ᠎ᠠ

2016-11-18 15:59

    ᠲᠦᠷᠦᠭᠦᠭᠡᠨ᠂ ᠣᠷᠤᠰ ᠤᠨ ᠬᠤᠯᠪᠤᠭᠠᠨ ᠤ ᠪᠦᠬᠦᠲᠠ ᠨᠠᠢᠢᠷᠠᠮᠳᠠᠬᠤ ᠬᠠᠯᠢᠮᠠᠭ ᠣᠯᠤᠰ ᠤᠨ ᠡᠯᠡᠰᠦᠲᠡᠢᠬᠤᠲᠠ ᠶ᠋ᠢᠨ ᠬᠢᠮᠢᠨᠡᠨᠽᠢ ᠶ᠋ᠢᠨ 8 ᠪᠠᠭᠰᠢ ᠰᠤᠷᠤᠭᠴᠢ ᠦᠪᠦᠷ ᠮᠤᠩᠭ᠋ᠤᠯ ᠤᠨ ᠠᠯᠠᠱᠠ ᠠᠢᠢᠮᠠᠭ ᠤᠨ ᠠᠯᠠᠱᠠ ᠵᠡᠬᠦᠨ ᠬᠤᠰᠢᠭᠤᠨ ᠤ ᠮᠤᠡᠭᠭᠤᠯ ᠰᠤᠷᠭᠠᠭᠤᠯᠢ ᠨᠤᠭᠤᠳ ᠢᠶᠠᠷ ᠲᠤᠭᠤᠷᠢᠨ ᠦᠵᠡᠵᠦ ᠰᠤᠯᠢᠯᠴᠠᠭ᠎ᠠ ᠬᠢᠭ᠍ᠰᠡᠨ ᠤ ᠬᠠᠮᠳᠤ ᠲᠡᠭᠷᠢ ᠡᠯᠡᠰᠦ ᠪᠠᠯᠭᠠᠰᠤᠨ ᠤ ᠲᠡᠮᠡᠭᠡᠨ ᠠᠭᠤᠯᠠ ᠭᠠᠴᠠᠭᠠᠨ ᠤ ᠮᠠᠯᠴᠢᠨ ᠹᠠᠨ ᠬᠦᠴᠦᠨ ᠤ ᠭᠡᠷ ᠢᠶᠠᠷ ᠬᠦᠷᠴᠦ᠂ ᠮᠤᠷᠢ ᠲᠡᠮᠡᠭᠡ ᠣᠨᠤᠵᠦ᠂ ᠠᠯᠠᠱᠠ ᠮᠤᠡᠭᠭᠤᠯᠴᠤᠳ ᠤᠨ ᠮᠠᠯᠵᠢᠬᠤ ᠰᠤᠶᠤᠯ ᠤᠨ ᠲᠤᠬᠠᠢ ᠣᠢᠢᠯᠠᠭᠠᠯᠲᠠ ᠬᠢᠭ᠍ᠰᠡᠨ ᠪᠠᠢᠨ᠎ᠠ ᠃ ᠹᠠᠨ ᠬᠦᠴᠦᠨ ᠲᠠᠪᠤᠨ ᠬᠤᠰᠢᠭᠤ ᠮᠠᠯ ᠢᠶᠡᠨ ᠮᠠᠯᠯᠠᠵᠦ ᠲᠠᠡᠭᠰᠦᠬ ᠠᠮᠢᠳᠤᠷᠠᠯ ᠢᠶᠡᠨ ᠡᠳ᠋ᠯᠡᠭᠰᠡᠨ ᠬᠠᠰᠢᠷ ᠮᠠᠯᠴᠢᠨ ᠢᠶᠠᠷ ᠪᠠᠷᠠᠬᠤ ᠦᠬᠡᠢ ᠮᠤᠷᠢᠨᠨᠤᠮᠦ ᠨᠠᠮᠨᠠᠬᠤ ᠪᠠᠷ ᠣᠢᠢᠷ᠎ᠠ ᠬᠠᠪᠢ ᠳᠠᠭᠠᠨ ᠠᠯᠳᠠᠷᠰᠢᠭᠰᠠᠨ ᠠᠵᠢ ᠃        

    ᠲᠤᠭᠤᠷᠠᠢ ᠲᠠᠴᠢᠬᠢᠨᠠᠭᠤᠯᠵᠦ ᠲᠤᠭᠤᠰᠤ ᠲᠠᠳᠠᠭᠤᠯᠤᠨ ᠲᠤᠪᠳᠤᠯᠬᠤ ᠬᠤᠷᠳᠤᠨ ᠮᠤᠷᠢᠨ ᠤ ᠲᠡᠭᠡᠷ᠎ᠡ ᠡᠴᠠ ᠨᠤᠮᠦ ᠰᠤᠮᠦ ᠪᠠᠨ ᠬᠦᠪᠴᠢᠯᠡᠭᠡᠳ ᠵᠢᠷᠡᠯᠵᠡᠨ ᠦᠩᠭᠡᠷᠡᠬᠦ ᠲᠡᠬᠦᠵᠢᠡᠭ ᠫᠠᠢ ᠶ᠋ᠢ ᠲᠠᠰᠬᠢᠳᠡᠯ᠎ᠡ ᠬᠠᠷᠪᠤᠨ ᠣᠨᠤᠭᠠᠭᠰᠠᠨ ᠹᠠᠨ ᠬᠦᠴᠦᠨ ᠤ ᠮᠤᠷᠢᠨ ᠨᠠᠮᠨᠠᠭ᠎ᠠ ᠶ᠋ᠢᠨ ᠮᠡᠷᠭᠡᠵᠢᠯ ᠢ ᠰᠤᠨᠢᠷᠬᠠᠭᠰᠠᠨ ᠣᠷᠤᠰ ᠤᠨ ᠬᠠᠯᠢᠮᠠᠭᠴᠤᠳ ᠲᠡᠬᠦᠨ ᠤ ᠰᠦᠷᠬᠦᠴᠦᠨ ᠴᠤᠭ ᠵᠢᠪᠬᠤᠭ᠎ᠠ ᠶ᠋ᠢ ᠡᠷᠭᠡ ᠦᠬᠡᠢ ᠪᠢᠰᠢᠷᠡᠵᠦ ᠂ᠠᠯᠠᠱᠠᠴᠤᠳ ᠦᠨᠡᠭᠡᠷ ᠴᠦ ᠮᠡᠷᠭᠡᠨ ᠬᠠᠷᠪᠤᠭᠠᠴᠢ ᠶ᠋ᠢᠨ ᠬᠤᠢᠢᠴᠢᠰ ᠪᠠᠢᠢᠨ᠎ᠠᠬᠡᠮᠡᠨ ᠪᠠᠬᠠᠷᠬᠠᠨ ᠱᠠᠭᠰᠢᠨ᠎ᠠ ᠃        

    ᠠᠯᠠᠱᠠ ᠨᠤᠶᠠᠨ ᠳ᠋ᠠᠨᠢᠽᠠᠨ᠎ᠠ ᠦᠪᠡᠷ ᠢᠶᠡᠨ ᠮᠤᠷᠢᠨ ᠨᠤᠮᠦ ᠳ᠋ᠤ ᠪᠠᠬᠠᠳᠠᠢ ᠂ ᠮᠦᠨᠴᠦ ᠠᠯᠠᠱᠠ ᠶ᠋ᠢᠨ ᠦᠷᠡᠰ ᠨᠠᠭᠠᠳᠦᠮ ᠳ᠋ᠤ ᠮᠤᠷᠢᠨ ᠨᠤᠮᠦ ᠨᠠᠮᠨᠠᠬᠤ ᠶ᠋ᠢ ᠵᠠᠪᠠᠯ ᠲᠤᠬᠢᠷᠠᠭᠤᠯᠬᠤ ᠬᠡᠷᠡᠭᠲᠡᠢ ᠬᠡᠮᠡᠨ ᠱᠠᠭᠠᠷᠳᠠᠭᠰᠠᠨ ᠢᠶᠠᠷ ᠦᠪᠦᠷ ᠮᠤᠡᠭᠭᠤᠯ ᠳᠠᠭᠠᠨ ᠬᠠᠮᠦᠬ ᠡᠴᠠ ᠣᠨᠴᠠᠯᠢᠭ ᠲᠠᠢ ᠣᠯᠠᠮᠵᠢᠯᠠᠯᠳᠤ ᠲᠠᠮᠢᠷ ᠪᠤᠯᠵᠦ ᠣᠯᠠᠮᠵᠢᠯᠠᠭᠳᠠᠵᠦ ᠢᠷᠡᠭᠰᠡᠨ ᠶᠤᠮ ᠃ 300 ᠭᠠᠷᠤᠢ ᠵᠢᠯ ᠤᠨ ᠲᠡᠤᠬᠡ ᠲᠠᠢ ᠣᠷᠤᠨ ᠤ ᠵᠡᠷᠭᠡᠯᠡᠯ ᠤᠨ ᠪᠡᠶᠡᠲᠦ ᠪᠤᠰᠤ ᠰᠤᠶᠤᠯ ᠤᠨ ᠦᠪ ᠪᠤᠯᠬᠤ ᠠᠯᠠᠱᠠ ᠮᠤᠷᠢᠨ ᠨᠠᠮᠨᠠᠭ᠎ᠠ ᠨᠢ ᠬᠠᠷᠪᠤᠭᠠᠴᠢ ᠶ᠋ᠢᠨ ᠮᠡᠷᠭᠡᠨ ᠣᠨᠤᠴᠠ ᠂ ᠨᠤᠮᠦ ᠰᠤᠮᠦ ᠶ᠋ᠢᠨ ᠬᠦᠴᠦ ᠴᠢᠳᠡᠯ ᠪᠤᠯᠤᠨ ᠬᠦᠯᠦᠭ ᠮᠤᠷᠢᠨ ᠤ ᠬᠤᠷᠳᠤᠨ ᠬᠦᠶᠦᠳᠡᠯ ᠢ ᠭᠠᠢᠢᠬᠠᠭᠤᠯᠤᠭᠰᠠᠨ ᠦᠪᠡᠷᠮᠢᠴᠡ ᠣᠨᠴᠠᠯᠢᠭ ᠲᠠᠢ ᠣᠯᠠᠮᠵᠢᠯᠠᠯᠳᠤ ᠲᠠᠮᠢᠷ ᠤᠨ ᠨᠠᠭᠠᠳᠤᠮ ᠪᠤᠯᠤᠨ᠎ᠠ ᠃ ᠮᠤᠷᠢᠨ ᠨᠠᠮᠨᠠᠭ᠎ᠠ ᠨᠢ ᠠᠯᠠᠱᠠ ᠨᠤᠳᠤᠭ ᠤᠨ ᠠᠷᠠᠳ ᠣᠯᠠᠨ ᠳ᠋ᠤ ᠶᠡᠬᠡ ᠲᠠᠭᠠᠯᠠᠭᠳᠠᠳᠠᠭ ᠂ ᠦᠩᠭᠡᠷᠡᠭᠰᠡᠨ ᠳ᠋ᠡᠭᠡᠨ ᠠᠢᠢᠯ ᠪᠤᠯᠭᠠᠨ ᠳ᠋ᠤ ᠪᠠᠷᠤᠭ ᠨᠤᠮᠦ ᠰᠠᠭᠠᠳᠠᠭ ᠲᠠᠢ ᠪᠦᠭᠡᠳ ᠰᠦᠮ᠎ᠠ ᠬᠡᠢᠢᠳ ᠤᠨ ᠭᠠᠵᠠᠷ ᠢᠶᠠᠷ ᠣᠯᠠᠨ ᠲᠤᠭᠠᠨ ᠤ ᠨᠤᠮᠦ ᠰᠤᠮᠦ ᠬᠠᠳᠠᠭᠠᠯᠠᠭᠰᠠᠨ ᠪᠠᠢᠢᠳᠠᠭ ᠃ ᠲᠡᠷᠡᠴᠢᠯᠡᠨ ᠭᠡᠷ ᠤᠨ ᠢᠶᠡᠨ ᠡᠬᠦᠳᠡᠨ ᠤ ᠡᠮᠦᠨ᠎ᠡ ᠮᠤᠷᠢᠨ ᠨᠠᠮᠨᠠᠭ᠎ᠠ ᠶ᠋ᠢᠨ ᠪᠤᠯᠪᠠᠰᠤᠷᠠᠯ ᠤᠨ ᠲᠠᠯᠠᠪᠠᠢ ᠲᠠᠢ ᠮᠦᠷᠳᠡᠬᠡᠨ ᠲᠡᠬᠦᠵᠢᠡᠭ ᠫᠠᠢ ᠭᠠᠷᠭᠠᠵᠦ ᠂ ᠵᠠᠪ ᠴᠢᠯᠦᠭᠡ ᠪᠠᠢᠢᠭᠰᠠᠭᠠᠷ ᠪᠤᠯᠪᠠᠰᠤᠷᠠᠳᠠᠭ ᠪᠠᠢᠢᠭᠰᠠᠨ ᠲᠡᠤᠬᠡ ᠲᠠᠢ ᠠᠵᠢ ᠃

    ᠬᠠᠷᠠᠬᠠᠨ ᠪᠠᠭ᠎ᠠ ᠡᠴᠠ ᠪᠠᠨ ᠮᠤᠷᠢ ᠤᠨᠤᠭ᠎ᠠ ᠡᠳ᠋ᠯᠡᠬᠦ ᠲᠤᠷᠠᠲᠠᠢ ᠹᠠᠨ ᠬᠦᠴᠦᠨ ᠬᠠᠮᠦᠬ ᠠᠡᠭᠬ᠎ᠠ ᠠᠪᠠᠭ᠎ᠠ ᠠᠪᠤ ᠶᠢᠨ ᠶᠢᠡᠨ ᠨᠦᠯᠦᠭᠡᠯᠡᠯ ᠲᠤᠤᠷ᠎ᠠ ᠮᠤᠷᠢᠨ ᠨᠠᠮᠨᠠᠭ᠎ᠠ ᠳ᠋ᠤ ᠪᠠᠬᠠᠲᠠᠢ ᠪᠤᠯᠤᠭᠰᠠᠨ ᠪᠡᠢᠢᠵᠡᠢ ᠃ ᠲᠡᠬᠦᠨ ᠤ ᠠᠪᠠᠭ᠎ᠠ ᠠᠪᠤ ᠴᠡᠷᠡᠨᠳᠤᠯᠮ᠎ᠠ ᠬᠡᠭ᠍ᠴᠢ ᠬᠤᠯᠠ ᠤᠢᠢᠷ᠎ᠡ ᠳᠠᠭᠠᠨ ᠨᠡᠷᠡᠲᠡᠢ ᠬᠠᠷᠪᠤᠭᠠᠴᠢ ᠪᠠᠢᠢᠭᠰᠠᠨ ᠢᠶᠠᠷ ᠲᠠᠯᠠ ᠨᠠᠶᠠᠭᠠᠳᠣᠨ ᠳ᠋ᠤ ᠱᠠᠪᠢ ᠲᠠᠭᠠᠭᠤᠯᠵᠦ ᠠᠯᠠᠱᠠ ᠶ᠋ᠢᠨ ᠮᠤᠷᠢᠨ ᠨᠤᠮᠦ ᠨᠠᠮᠨᠠᠬᠤ ᠮᠡᠷᠭᠡᠵᠢᠯ ᠢ ᠲᠠᠰᠬᠠᠵᠦ ᠰᠤᠷᠭᠠᠵᠦ ᠪᠠᠢᠢᠭᠰᠠᠨ ᠬᠡᠳᠡᠭ ᠃ ᠲᠤᠬᠠᠢ ᠶ᠋ᠢᠨ ᠦᠶ᠎ᠠ ᠳ᠋ᠤ ᠠᠪᠠᠭ᠎ᠠ ᠠᠪᠤ ᠨᠢ ᠱᠠᠪᠢ ᠨᠡᠷ ᠲᠠᠭᠠᠨ ᠨᠤᠮᠦ ᠰᠤᠮᠦ ᠪᠠᠨ ᠶᠠᠭᠠᠬᠢᠵᠦ ᠭᠠᠷᠭᠠᠬᠤ ᠂ᠬᠠᠷᠪᠤᠬᠤ ᠲᠤᠬᠠᠢ ᠠᠷᠭ᠎ᠠ ᠪᠠᠷᠢᠯ ᠬᠡᠪ ᠨᠠᠮᠪᠠ ᠶ᠋ᠢ ᠵᠢᠭᠠᠵᠦ ᠶᠠᠷᠢᠬᠤ ᠳ᠋ᠤ ᠹᠠᠨ ᠬᠦᠴᠦᠨ ᠬᠠᠵᠠᠭᠤ ᠡᠴᠠ ᠨᠢ ᠴᠡᠭᠡᠵᠢᠯᠡᠵᠦ ᠂ ᠪᠤᠰᠤᠳ ᠤᠨ ᠬᠠᠷᠪᠤᠭᠰᠠᠨ ᠰᠤᠮᠦ ᠶ᠋ᠢ ᠨᠢ ᠲᠡᠬᠦᠵᠦ ᠂ ᠲᠡᠳᠡᠨᠡᠷ ᠤᠨ ᠨᠠᠭᠠᠳᠤᠮ ᠳ᠋ᠤ ᠮᠠᠡᠭᠯᠠᠢ ᠠᠪᠬᠤ ᠶ᠋ᠢ ᠦᠵᠡᠭᠡᠳ ᠪᠢ ᠪᠠᠰᠠ ᠬᠡᠵᠢᠶ᠎ᠡ ᠨᠢᠭᠡᠨ ᠡᠳᠤᠷ ᠮᠡᠷᠭᠡᠨ ᠬᠠᠷᠪᠤᠭᠠᠴᠢ ᠪᠤᠯᠵᠦ ᠂ ᠡᠷ᠎ᠡ ᠶ᠋ᠢᠨ ᠭᠤᠷᠪᠠᠨ ᠨᠠᠭᠠᠳᠤᠮ ᠳ᠋ᠤ ᠣᠷᠤᠯᠴᠠᠵᠦ ᠮᠠᠡᠭᠯᠠᠢ ᠠᠪᠤᠨ᠎ᠠ ᠳ᠋ᠠᠬᠡᠮᠡᠨ ᠰᠡᠮᠡᠬᠡᠷ ᠵᠤᠷᠢᠭ ᠰᠢᠭᠤᠳᠤᠭᠰᠠᠨ ᠪᠠᠢᠢᠨ᠎ᠠ ᠃       

    ᠬᠤᠷᠢᠭᠠᠳ ᠵᠢᠯ ᠤᠨ ᠲᠤᠷᠰᠢ ᠲᠡᠷᠡ ᠮᠤᠷᠢᠨ ᠨᠤᠮᠦ ᠨᠠᠮᠨᠠᠬᠤ ᠮᠡᠷᠭᠡᠵᠢᠯ ᠢᠶᠡᠨ ᠨᠢᠭᠡ ᠡᠳᠤᠷ ᠴᠦ ᠬᠠᠶᠠᠭᠠᠨ ᠳᠠᠭᠠᠨ ᠣᠷᠬᠢᠭ᠎ᠠ ᠦᠬᠡᠢ ᠪᠤᠯᠪᠠᠰᠤᠷᠠᠵᠦ ᠂ ᠠᠢᠢᠮᠠᠬ ᠬᠤᠰᠢᠭᠤᠨ ᠤ ᠨᠠᠢᠢᠷ ᠨᠠᠭᠠᠳᠤᠮ ᠳ᠋ᠤ ᠮᠤᠷᠢᠨ ᠨᠠᠮᠨᠠᠭ᠎ᠠ ᠶ᠋ᠢᠨ ᠮᠡᠷᠭᠡᠵᠢᠯ ᠢᠶᠡᠨ ᠭᠠᠢᠢᠬᠠᠭᠤᠯᠵᠦ ᠂ ᠤᠯᠠᠨᠳᠠ ᠱᠠᠡᠭ ᠬᠦᠬᠢᠬᠦᠯᠤᠯ ᠲᠤᠰᠤᠭᠰᠠᠭᠠᠷ ᠢᠷᠡᠵᠠᠢ ᠃《 ᠪᠡᠶᠡᠲᠦ ᠪᠤᠰᠤ ᠰᠤᠶᠤᠯ ᠤᠨ ᠦᠪ ᠪᠤᠯᠤᠭᠰᠠᠨ ᠠᠯᠠᠱᠠ ᠶ᠋ᠢᠨ ᠮᠤᠷᠢᠨ ᠨᠠᠮᠨᠠᠭ᠎ᠠ ᠶ᠋ᠢᠨ ᠮᠡᠷᠭᠡᠵᠢᠯ ᠢᠶᠡᠨ ᠣᠯᠠᠮᠵᠢᠯᠠᠵᠦ ᠬᠦᠭ᠍ᠵᠢᠬᠦᠯᠬᠦ ᠨᠢ ᠵᠠᠯᠠᠭᠤ ᠨᠢᠭᠡ ᠦᠶ᠎ᠠ ᠶ᠋ᠢᠨ ᠬᠢᠨ ᠪ ᠡᠬᠦᠷᠭᠡ ᠬᠠᠷᠢᠭᠤᠴᠠᠯᠭ᠎ᠠ ᠪᠤᠯᠬᠤ ᠶᠤᠰᠤᠲᠠᠢ ᠂ ᠡᠰᠡ ᠲᠡᠭᠡᠪᠡᠯ ᠡᠨᠡᠬᠦ ᠦᠪᠡᠷᠮᠢᠴᠡ ᠣᠨᠴᠠᠯᠢᠭᠳᠤ ᠣᠯᠠᠮᠵᠢᠯᠠᠯᠳᠤ ᠲᠠᠮᠢᠷ ᠤᠨ ᠨᠠᠭᠠᠳᠦᠮ ᠬᠡᠬᠡᠭ᠍ᠳᠡᠬᠦ ᠳ᠋ᠤ ᠬᠦᠷᠦᠨ᠎ᠠ ᠃ ᠣᠷᠴᠢᠮ ᠤᠨ ᠵᠢᠯ ᠳ᠋ᠤ ᠮᠤᠷᠢᠨ ᠨᠤᠮᠦ ᠨᠠᠮᠨᠠᠬᠤ ᠣᠷᠤᠯᠳᠤᠭᠠᠨ ᠴᠦ ᠴᠦᠭᠡᠷᠡᠵᠦ ᠪᠤᠢ ᠂ ᠮᠢᠨᠦ ᠦᠵᠡᠬᠦ ᠪᠠᠷ ᠨᠠᠢᠢᠷ ᠨᠠᠭᠠᠳᠦᠮ ᠪᠤᠯᠭᠠᠨ ᠳ᠋ᠤ ᠮᠤᠷᠢᠨ ᠨᠠᠮᠨᠠᠭ᠎ᠠ ᠶ᠋ᠢᠨ ᠣᠷᠤᠯᠳᠤᠭᠠᠨ ᠲᠤᠬᠢᠷᠠᠭᠤᠯᠵᠦ ᠂ ᠨᠡᠡᠭ ᠣᠯᠠᠨ ᠬᠦᠮᠦᠰ ᠲᠤ ᠮᠤᠷᠢᠨ ᠨᠤᠮᠦ ᠶ᠋ᠢᠨ ᠮᠡᠷᠭᠡᠵᠢᠯ ᠢᠦᠵᠡᠬᠦᠯᠦᠨ ᠂ ᠡᠨᠡᠬᠦ ᠣᠯᠠᠮᠵᠢᠯᠠᠯᠳᠤ ᠲᠠᠮᠢᠷ ᠢᠶᠡᠨ ᠬᠦᠭ᠍ᠵᠢᠬᠦᠯᠬᠦ ᠨᠢ ᠴᠢᠬᠤᠯᠠ ᠃ ᠪᠢ ᠦᠪᠡᠷ ᠢᠶᠡᠨ ᠬᠦᠳᠡᠭᠡ ᠭᠡᠷ ᠲᠡᠭᠡᠨ ᠮᠠᠯᠵᠢᠬᠤ ᠰᠤᠶᠤᠯ ᠤᠨ ᠰᠠᠭᠤᠷᠢᠨ ᠭᠠᠵᠠᠷ ᠪᠠᠢᠢᠭᠤᠯᠵᠦ ᠂ ᠠᠯᠠᠱᠠ ᠶ᠋ᠢᠨ ᠦᠪᠡᠷᠮᠢᠴᠡ ᠣᠨᠴᠠᠯᠢᠭᠳᠤ ᠮᠤᠷᠢᠨ ᠨᠤᠮᠦ ᠨᠠᠮᠨᠠᠬᠤ ᠮᠡᠷᠭᠡᠵᠢᠯ ᠳ᠋ᠤ ᠪᠠᠬᠠᠲᠠᠢ ᠬᠦᠮᠦᠰ ᠲᠤ ᠨᠢᠭᠡᠨ ᠰᠤᠷᠴᠦ ᠡᠵᠡᠮᠰᠢᠬᠦᠯᠬᠦ ᠲᠠᠯᠠᠪᠤᠷ ᠬᠠᠡᠭᠭᠠᠵᠦ ᠵᠢᠭᠠᠵᠦ ᠣᠯᠠᠮᠵᠢᠯᠠᠬᠤ ᠵᠤᠷᠢᠯᠭ᠎ᠠ ᠲᠠᠢ ᠂ ᠴᠢᠨᠠᠭᠰᠢᠯᠠᠨ ᠪᠠᠰᠠ ᠠᠯᠠᠱᠠ ᠶ᠋ᠢᠨ ᠠᠡᠭᠬᠠᠳᠠᠭᠴᠢ ᠣᠳᠠᠭᠠᠨ ᠤ ᠮᠤᠷᠢᠨ ᠨᠠᠮᠨᠠᠭ᠎ᠠ ᠶ᠋ᠢᠨ ᠣᠷᠤᠯᠳᠤᠭᠠᠨ ᠢ ᠡᠷᠬᠢᠯᠡᠵᠦ ᠶᠠᠪᠤᠭᠳᠠᠭᠤᠯᠬᠤ ᠰᠠᠨᠠᠭ᠎ᠠ ᠲᠠᠢᠬᠡᠵᠦ ᠹᠠᠨ ᠬᠦᠴᠦᠨ ᠦᠪᠡᠷ ᠤᠨ ᠪᠤᠳᠤᠯ ᠰᠠᠨᠠᠯ ᠢᠶᠡᠨ ᠲᠠᠮᠵᠢᠭᠤᠯᠵᠦ ᠪᠠᠢᠢᠯ᠎ᠠ ᠃        

    ᠲᠡᠢᠢᠮᠦ ᠳ᠋ᠠ ᠂ ᠠᠭᠤᠯᠠ ᠣᠰᠤ ᠵᠠᠯᠭᠠᠯᠳᠤᠵᠦ ᠣᠳᠤᠮ ᠰᠤᠶᠤᠯ ᠬᠤᠯᠪᠤᠯᠳᠤᠭᠰᠠᠨ ᠣᠷᠤᠰ ᠤᠨ ᠬᠠᠯᠢᠮᠠᠭᠴᠤᠳ ᠴᠦ ᠠᠯᠠᠱᠠᠴᠤᠳ ᠤᠨ ᠮᠠᠯᠵᠢᠬᠤ ᠰᠤᠶᠤᠯ ᠢ ᠣᠢᠢᠯᠠᠭᠠᠵᠦ ᠂ ᠦᠪᠡᠷᠮᠢᠴᠡ ᠣᠨᠴᠠᠯᠢᠭ ᠪᠦᠬᠦᠢ ᠮᠤᠷᠢᠨ ᠨᠠᠮᠨᠠᠭ᠎ᠠ ᠶ᠋ᠢᠨ ᠮᠡᠷᠭᠡᠵᠢᠯ ᠢ ᠪᠢᠰᠢᠷᠡᠵᠦ ᠭᠠᠢᠢᠬᠠᠭᠰᠠᠨ ᠪᠠᠢᠢᠬᠤ ᠳ᠋ᠤ ᠪᠢᠲᠡ ᠦᠪᠡᠷ ᠢᠶᠡᠨ ᠡᠨᠡᠬᠦ ᠨᠡᠨᠳᠢᠨ ᠦᠪ ᠢᠶᠡᠨ ᠬᠠᠮᠠᠭᠠᠯᠠᠬᠤ ᠦᠬᠡᠢ ᠪᠠᠢᠢᠬᠤ ᠶ᠋ᠢᠨ ᠠᠷᠭ᠎ᠠ ᠦᠬᠡᠢ ᠪᠢᠵᠠ

ᠢᠷᠡᠯᠳᠡ᠄ ᠠᠯᠠᠱᠠ ᠮᠤᠩᠭ᠋ᠤᠯ ᠰᠦᠯᠵᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119942522