蒙古文网站Logo
ᠰᠢᠨᠬᠤᠸᠠ ᠮᠤᠩᠭ᠋ᠤᠯ ᠨᠧᠲ

《ᠮᠤᠩᠭ᠋ᠤᠯ ᠤᠨ ᠨᠢᠭᠤᠴᠠ ᠲᠤᠪᠴᠢᠶᠠᠨ》 ᠤ᠋ ᠬᠤᠪᠢᠯᠪᠤᠷᠢ ᠡᠬᠡ ᠶᠢ ᠲᠦᠪᠡᠳ ᠡᠴᠡ ᠢᠯᠡᠷᠡᠬᠦᠯᠦᠭᠰᠡᠨ ᠮᠤᠩᠭ᠋ᠤᠯ ᠰᠤᠲᠤᠯᠤᠭᠠᠴᠢ ᠰᠠᠷᠠᠩᠭ᠋ᠤᠤ᠎ᠠ

2016-11-21 10:48

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 11 ᠰᠠᠷ᠎ᠠ ᠶᠢᠨ 4 ᠤ ᠡᠲᠦᠷ ᠤᠨ ᠴᠠᠬᠢᠯᠭᠠᠨ ᠮᠡᠲᠡᠭᠡ ( ᠬ·ᠦᠵᠡᠰᠭᠦᠯᠡᠩ ᠰᠠᠷᠠᠨᠲᠤᠶᠠᠭ᠎ᠠ ᠰᠤᠷᠤᠶ᠎ᠠ ᠬᠡᠦᠬᠡᠨᠰᠤᠯᠢ) ᠤᠯᠤᠰ ᠤᠨ ᠨᠤᠮ ᠤᠨ ᠰᠠᠩ ᠪᠤᠯ ᠮᠠᠨ ᠤ ᠤᠯᠤᠰ ᠤᠨ ᠬᠠᠮᠤᠭ ᠤᠨ ᠲᠤᠮᠤ ᠨᠤᠮ ᠤᠨ ᠰᠠᠩ ᠪᠠᠢᠢᠵᠤ᠂ ᠡᠨᠳᠡ ᠤᠯᠠᠨ ᠬᠡᠯᠡ ᠲᠦᠷᠦᠯ ᠤᠨ ᠡᠷᠲᠡᠨ ᠡᠲᠦᠭᠡ ᠶᠢᠨ ᠨᠤᠮ ᠬᠠᠲᠠᠭᠠᠯᠠᠭᠲᠠᠵᠤ ᠪᠠᠢᠢᠲᠠᠭ ᠶᠢᠡᠷ ᠶᠢᠡᠨ ᠨᠤᠮ ᠤᠨ ᠬᠤᠷᠤᠬᠠᠢᠢᠴᠢᠳ ᠤᠨ ᠠᠷᠢᠭᠤᠨ ᠲᠠᠭᠰᠢᠨ ᠤᠷᠤᠨ ᠪᠤᠯᠤᠭᠰᠠᠨ ᠶᠤᠮ᠃ ᠤᠯᠤᠰ ᠤᠨ ᠨᠤᠮ ᠤᠨ ᠰᠠᠩ ᠤᠨ ᠡᠷᠲᠡᠨ ᠤ ᠨᠤᠮ ᠰᠤᠲᠤᠷ ᠤᠨ ᠰᠠᠩ ᠳ᠋ᠤ ᠲᠡᠳ᠋ ᠵᠠᠬᠢᠷᠤᠯ ᠤᠨ ᠲᠤᠰᠢᠶᠠᠯ ᠳ᠋ᠤ ᠠᠯᠪᠠᠯᠠᠲᠠᠭ ᠰᠠᠷᠠᠩᠭ᠋ᠤᠤ᠎ᠠ ᠬᠡᠭ᠍ᠴᠢ ᠮᠤᠩᠭ᠋ᠤᠯ ᠪᠦᠰᠡᠬᠦᠢ ᠪᠠᠢᠢᠲᠠᠭ ᠢ ᠠᠩᠬ᠎ᠠ ᠰᠤᠨᠤᠰᠤᠭᠰᠠᠨ ᠡᠴᠡ ᠬᠤᠢᠢᠰᠢ ᠲᠡᠭᠦᠨ ᠤ ᠲᠤᠬᠠᠢ ᠲᠡᠯᠭᠡᠷᠡᠩᠬᠦᠢ ᠮᠡᠲᠡᠭᠡᠯᠡᠯ ᠬᠢᠬᠦ ᠶᠤᠮᠰᠠᠨ ᠭᠡᠵᠦ ᠵᠤᠷᠢᠭᠰᠠᠨ ᠮᠠᠨᠢ ᠦᠨᠡᠨ᠃

    ᠲᠠᠢᠢᠨᠬᠦ ᠨᠢᠭᠡ ᠤᠲᠠᠭ᠎ᠠ ᠰᠤᠷᠪᠤᠯᠵᠢᠯᠠᠭ᠎ᠠ ᠶᠢᠨ ᠠᠵᠢᠯ ᠶᠢᠡᠷ ᠪᠡᠭᠡᠵᠢᠩ ᠤᠷᠤᠬᠤ ᠳ᠋ᠠᠭᠠᠨ ᠠᠮᠵᠢᠭᠤᠯᠵᠤ ᠰᠠᠷᠠᠩᠭ᠋ᠤᠤ᠎ᠠ ᠲᠠᠢ ᠤᠲᠠᠰᠤ ᠪᠡᠷ ᠬᠠᠷᠢᠴᠠᠭᠰᠠᠨ ᠶᠤᠮ᠃ ᠠᠵᠠ ᠪᠡᠷ ᠲᠡᠷᠡᠪᠡᠷ ᠶᠠᠭ ᠠᠵᠢᠯ ᠲᠡᠭᠡᠷ᠎ᠡ ᠪᠠᠨ ᠪᠠᠢᠢᠬᠤ ᠲᠠᠢ ᠲᠠᠭᠠᠷᠠᠵᠤ᠂ ᠰᠤᠷᠪᠤᠯᠵᠢᠯᠠᠭ᠎ᠠ ᠠᠪᠬᠤ ᠪᠡᠷ ᠪᠤᠯᠵᠤᠵᠤ ᠲᠤᠪᠯᠠᠭᠰᠠᠨ ᠶᠤᠰᠤᠭᠠᠷ ᠶᠢᠡᠨ ᠤᠯᠤᠰ ᠤᠨ ᠨᠤᠮ ᠤᠨ ᠰᠠᠩ ᠳ᠋ᠤ ᠬᠦᠷᠦᠭᠡᠳ ᠤᠴᠢᠬᠤ ᠳ᠋ᠤ ᠮᠤᠩᠭ᠋ᠤᠯ ᠨᠤᠲᠤᠭ ᠤᠨ ᠶᠤᠰᠤ ᠪᠡᠷ ᠦᠶᠦᠭ ᠲᠠᠪᠠᠲᠠᠢ ᠬᠠᠯᠠᠭᠤᠬᠠᠨ ᠴᠠᠢ ᠪᠡᠷ ᠤᠭᠲᠤᠨ ᠠᠪᠤᠭᠰᠠᠨ ᠨᠢ ᠰᠡᠳᠭᠢᠯ ᠳ᠋ᠤ ᠨᠢᠭᠡ ᠯᠡ ᠲᠠᠭᠠᠲᠠᠢ ᠰᠠᠨᠠᠭᠲᠠᠭᠰᠠᠨ ᠪᠢᠯᠡ᠃

    ᠰᠠᠷᠠᠩᠭ᠋ᠤᠤ᠎ᠠ ᠶᠢᠨ ᠡᠲᠦᠷ ᠤᠨ ᠠᠵᠢᠯ ᠨᠢ ᠡᠷᠲᠡᠨ ᠤ ᠨᠤᠮ ᠰᠤᠲᠤᠷ ᠢ ᠬᠤᠷᠢᠶᠠᠨ ᠴᠤᠭᠯᠠᠭᠤᠯᠬᠤ᠂ ᠲᠤᠪᠶᠤᠭᠯᠠᠬᠤ᠂ ᠬᠦᠮᠦᠷᠭᠡᠯᠡᠬᠦ᠂ ᠰᠡᠷᠬᠦᠭᠡᠨ ᠵᠠᠰᠠᠬᠤ ᠵᠡᠷᠭᠡ ᠨᠠᠷᠢᠯᠢᠭ ᠤᠨ ᠨᠠᠷᠢᠯᠢᠭ ᠠᠵᠢᠯ ᠡᠴᠡ ᠡᠬᠢᠯᠡᠲᠡᠭ᠃

    -2002 ᠤᠨ ᠳ᠋ᠤ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠡᠴᠡ ᠴᠦᠬᠡᠨ ᠲᠤᠭᠠᠲᠤ ᠦᠨᠳᠦᠰᠦᠲᠡᠨ ᠤ ᠤᠳᠬ᠎ᠠ ᠵᠤᠬᠢᠶᠠᠯ ᠤᠨ ᠳ᠋ᠤᠺᠲ᠋ᠤᠷ ᠴᠤᠯᠠ ᠪᠠᠨ ᠬᠠᠮᠠᠭᠠᠯᠠᠨ ᠮᠦᠨ ᠵᠢᠯ ᠳ᠋ᠡᠭᠡᠨ ᠤᠯᠤᠰ ᠤᠨ ᠨᠤᠮ ᠤᠨ ᠰᠠᠩ ᠳ᠋ᠤ ᠠᠵᠢᠯᠯᠠᠵᠤ ᠡᠬᠢᠯᠡᠵᠡᠢ᠃ ᠠᠩᠬ᠎ᠠ ᠡᠬᠢᠨ ᠳ᠋ᠡᠭᠡᠨ ᠡᠷᠲᠡᠨ ᠤ ᠨᠤᠮ ᠤᠨ ᠰᠠᠩ ᠤᠨ ᠡᠲᠦᠷ ᠲᠤᠲᠤᠮ ᠤᠨ ᠠᠵᠢᠯ ᠤᠨ ᠲᠤᠬᠠᠢ ᠤᠢᠢᠯᠠᠭᠠᠵᠤ᠂ ᠨᠤᠮ ᠲᠤᠪᠶᠤᠯᠠᠭᠬᠤ᠂ ᠬᠤᠷᠢᠶᠠᠨ ᠬᠠᠲᠠᠭᠠᠯᠠᠬᠤ᠂ ᠬᠠᠮᠠᠭᠠᠯᠠᠬᠤ ᠵᠡᠷᠭᠡ ᠦᠨᠳᠦᠰᠦᠨ ᠠᠵᠢᠯ ᠲᠠᠢ ᠲᠠᠨᠢᠯᠴᠠᠵᠤ᠂ ᠬᠠᠮᠤᠭ ᠤᠨ ᠦᠨᠳᠦᠰᠦᠨ ᠪᠤᠯᠪᠠᠰᠤᠷᠠᠯ ᠶᠢᠡᠨ ᠴᠢᠩᠭ᠋ᠠᠳᠬᠠᠬᠰᠠᠨ  ᠶᠤᠮ ᠭᠡᠵᠦ ᠰᠠᠷᠠᠩᠭ᠋ᠤᠤ᠎ᠠ ᠠᠵᠢᠯ ᠤᠨ ᠶᠢᠡᠨ ᠲᠤᠬᠠᠢ ᠲᠦᠬᠦᠮᠬᠡᠨ ᠲᠠᠨᠢᠯᠴᠠᠭᠤᠯᠵᠤ ᠭᠠᠷᠤᠯ᠎ᠠ᠃

    ᠤᠯᠤᠰ ᠤᠨ ᠨᠤᠮ ᠤᠨ ᠰᠠᠩ ᠬᠡᠬᠦ ᠪᠡᠷ ᠮᠠᠨ ᠤ ᠤᠯᠤᠰ ᠤᠨᠶᠡᠷᠦᠩᠬᠡᠢ ᠨᠤᠮ ᠤᠨ ᠬᠦᠮᠦᠷᠭᠡᠪᠠᠢᠢᠵᠤ᠂ ᠤᠯᠤᠰ ᠤᠨ ᠡᠯ᠎ᠡ ᠬᠡᠪᠯᠡᠯ ᠤᠨ ᠬᠤᠷᠢᠶ᠎ᠠ ᠡᠴᠡ ᠬᠡᠪᠯᠡᠬᠦᠯᠦᠭᠰᠡᠨ ᠡᠯ᠎᠎ᠡ ᠲᠦᠷᠦᠯ ᠤᠨ ᠨᠤᠮ ᠪᠢᠴᠢᠭ᠌ ᠤᠨ ᠶᠢᠡᠨ ᠠᠲᠠᠭ ᠲᠠᠭᠠᠨ ᠭᠤᠷᠪᠠᠨ ᠲᠡᠪᠲᠡᠷ ᠢ ᠤᠯᠤᠰ ᠤᠨ ᠨᠤᠮ ᠤᠨ ᠰᠠᠩ ᠳ᠋ᠤ ᠬᠤᠷᠢᠶᠠᠨ ᠬᠠᠲᠠᠭᠠᠯᠠᠭᠤᠯᠵᠤ᠂ ᠨᠤᠮ ᠤᠨ ᠬᠦᠮᠦᠷᠭᠡ ᠶᠢᠨ ᠪᠦᠷᠢᠨ ᠲᠡᠭᠦᠰ ᠴᠢᠨᠠᠷ ᠢ ᠪᠠᠲᠤᠯᠠᠵᠤ ᠪᠠᠢᠢᠬᠤ ᠪᠡᠷ ᠶᠢᠡᠨ ᠤᠨᠴᠠᠯᠠᠭᠲᠠᠨ᠎ᠠ᠃ ᠮᠦᠨ ᠴᠤ ᠤᠯᠤᠰ ᠤᠨ ᠨᠤᠮ ᠤᠨ ᠰᠠᠩ ᠤᠨ ᠰᠠᠩᠴᠢ ᠨᠢᠭᠡᠪᠦᠷᠢ ᠳ᠋ᠤ ᠲᠠᠯᠪᠢᠬᠤ ᠲᠤᠬᠠᠢᠢᠯᠠᠭᠰᠠᠨ ᠠᠵᠢᠯ ᠤᠨ ᠬᠡᠪ ᠪᠤᠯᠪᠠᠰᠤᠷᠠᠯ ᠦᠨᠳᠦᠷ ᠪᠠᠢᠢᠬᠤ ᠶᠢ ᠱᠠᠭᠠᠷᠲᠠᠲᠠᠭ᠃

    -ᠨᠤᠮ ᠤᠨ ᠰᠠᠩᠴᠢ ᠶᠢᠨ ᠠᠵᠢᠯ ᠤᠨ ᠬᠤᠪᠢ ᠳ᠋ᠤ ᠶᠡᠬᠡ ᠯᠡᠤᠢᠢᠳᠬᠠᠷ ᠲᠠᠢᠠᠵᠢᠯ ᠲᠦᠷᠦᠯ ᠭᠡᠵᠦ ᠬᠡᠯᠡᠵᠦ ᠪᠤᠯᠤᠨ᠎ᠠ᠂ ᠤᠨᠴᠠᠭᠠᠢᠢᠯᠠᠨ ᠡᠷᠲᠡᠨ ᠤ ᠨᠤᠮ ᠰᠤᠲᠤᠷ ᠢ ᠬᠤᠷᠢᠶᠠᠨ ᠬᠠᠲᠠᠭᠠᠯᠠᠵᠤ᠂ ᠡᠮᠬᠢᠳᠭᠡᠵᠦ ᠲᠤᠪᠶᠤᠭᠯᠠᠬᠤ ᠠᠵᠢᠯ ᠳ᠋ᠤ ᠨᠠᠮ ᠰᠠᠭᠤᠬᠤ ᠱᠠᠭᠠᠷᠲᠠᠯᠭ᠎ᠠ ᠬᠡᠷᠡᠭᠲᠡᠢ᠂ ᠬᠠᠮᠤᠭ ᠤᠨ ᠴᠢᠬᠤᠯᠠ ᠨᠢ ᠨᠤᠮ ᠢ ᠬᠠᠢᠢᠷᠠᠯᠠᠨ ᠬᠢᠮᠠᠭᠠᠲᠠᠬᠤ ᠬᠡᠷᠡᠭᠲᠡᠢ᠃ ᠮᠠᠨ ᠤ ᠬᠢᠨ ᠤ ᠰᠠᠩᠴᠢ ᠶᠢᠨ ᠡᠯᠰᠡᠯᠲᠡ ᠪᠡᠷ ᠰᠢᠯᠭᠠᠭᠤᠯᠤᠭᠰᠠᠳ ᠤᠨ ᠬᠦᠮᠦᠨ ᠴᠢᠨᠠᠷ ᠪᠤᠶᠤ ᠬᠦᠮᠦᠨ ᠮᠦᠰᠦ ᠶᠢ ᠴᠢᠬᠤᠯᠠᠴᠢᠯᠠᠨ ᠦᠵᠡᠲᠡᠭ ᠭᠡᠵᠦ ᠰᠠᠷᠠᠩᠭ᠋ᠤᠤ᠎ᠠ ᠠᠵᠢᠯ ᠤᠨ ᠶᠢᠡᠨ ᠤᠨᠴᠠᠭᠠᠢ ᠴᠢᠨᠠᠷ ᠢ ᠶᠠᠷᠢᠨ᠎ᠠ᠃

    ᠰᠠᠷᠠᠩᠭ᠋ᠤᠤ᠎ᠠ ᠰᠤᠷᠭᠠᠭᠤᠯᠢ ᠳ᠋ᠤ ᠪᠠᠢᠢᠬᠤ ᠳ᠋ᠠᠭᠠᠨ ᠮᠤᠩᠭ᠋ᠤᠯ ᠬᠢᠲᠠᠳ ᠬᠡᠯᠡ ᠶᠢ ᠪᠠᠲᠤᠲᠠᠢ ᠡᠵᠡᠮᠰᠢᠵᠦ᠂ ᠬᠤᠵᠢᠮ ᠨᠢ ᠲᠦᠪᠡᠳ ᠬᠡᠯᠡ ᠨᠡᠮᠡᠵᠦ ᠰᠤᠷᠤᠭᠰᠠᠨ ᠶᠢᠡᠷ ᠮᠤᠩᠭ᠋ᠤᠯ ᠲᠦᠪᠡᠳ ᠤᠨ ᠬᠠᠷᠢᠴᠠᠭᠤᠯᠤᠭᠰᠠᠨ ᠤᠷᠠᠨ ᠵᠤᠬᠢᠶᠠᠯ ᠤᠨ ᠴᠢᠭᠯᠡᠯ ᠶᠢᠡᠷ ᠰᠤᠲᠤᠯᠭ᠎ᠠ ᠬᠢᠬᠦ ᠰᠠᠭᠤᠷᠢ ᠪᠠᠨ ᠲᠠᠯᠪᠢᠵᠠᠢ᠃ ᠡᠭᠦᠨ ᠡᠴᠡ ᠭᠠᠲᠠᠨ᠎ᠠ ᠠᠵᠢᠯ ᠤᠨ ᠴᠢᠯᠦᠭᠡ ᠪᠡᠷ ᠶᠢᠡᠨ ᠪᠠᠰᠠ ᠴᠠᠭᠠᠲᠠᠢ ᠦᠰᠦᠭ᠂ ᠮᠠᠨᠵᠤ ᠬᠡᠯᠡ ᠶᠢ ᠰᠤᠷᠴᠤ ᠡᠵᠡᠮᠰᠢᠭᠰᠡᠨ ᠪᠠᠢᠢᠨ᠎ᠠ᠃

    -ᠬᠠᠭᠤᠴᠢᠨ ᠨᠤᠮ ᠰᠤᠲᠤᠷ ᠤᠨ ᠰᠠᠩ ᠳ᠋ᠤ ᠠᠵᠢᠯᠯᠠᠭᠰᠠᠨ ᠡᠴᠡ ᠨᠠᠭᠠᠰᠢ ᠰᠤᠷᠪᠤᠯᠵᠢ ᠪᠢᠴᠢᠭ᠌᠂ ᠲᠤᠯᠭᠤᠷ ᠪᠢᠴᠢᠭ᠌ ᠲᠠᠢ ᠤᠨᠴᠠ ᠶᠢᠨ ᠬᠤᠪᠢ ᠪᠠᠷᠢᠯᠲᠤᠯᠭ᠎ᠠ ᠲᠠᠢ ᠪᠤᠯᠵᠠᠢ᠃ ᠮᠠᠨ ᠤ ᠦᠨᠦᠲᠦᠷ ᠤᠨ ᠤᠢᠢᠯᠠᠭᠠᠨ ᠮᠡᠳᠡᠵᠦ ᠪᠦᠬᠦᠢ᠂ ᠤᠯᠠᠮᠵᠢᠯᠠᠵᠤ ᠪᠠᠢᠢᠭ᠎ᠠ ᠪᠤᠯ ᠪᠦᠷ ᠡᠷᠲᠡᠨ ᠤ ᠨᠤᠮ ᠰᠤᠲᠤᠷ ᠡᠴᠡ ᠢᠷᠡᠯᠲᠡ ᠲᠠᠢ᠃ ᠡᠷᠲᠡᠨ ᠤ ᠨᠤᠮ ᠰᠤᠲᠤᠷ ᠲᠠᠢ ᠪᠠᠨ ᠡᠲᠦᠷ ᠲᠤᠵᠢ ᠬᠠᠨᠢᠯᠠᠨ᠂ ᠠᠯᠠᠭᠠᠨ ᠳ᠋ᠠᠭᠠᠨ ᠲᠡᠯᠭᠡᠬᠦ ᠪᠦᠷᠢ ᠲᠤᠬᠠᠢ ᠶᠢᠨ ᠦᠨᠳᠦᠰᠦᠲᠡᠨ ᠤ ᠰᠤᠶᠤᠯ ᠤᠨ ᠰᠦᠭ ᠰᠦᠨᠡᠰᠦ ᠶᠢ ᠠᠳᠬᠤᠬᠰᠠᠨ ᠴᠤ ᠬᠡᠮᠡᠷ᠂ ᠪᠢᠰᠢᠷᠡᠨ ᠬᠦᠨᠳᠦᠳᠭᠡᠬᠦ ᠰᠡᠳᠭᠢᠯᠭᠡ ᠦᠪᠡᠷ ᠤᠨ ᠡᠷᠬᠡ ᠦᠭᠡᠢ ᠲᠦᠷᠦᠭᠲᠡᠲᠡᠭ ᠭᠡᠵᠦ ᠲᠡᠷᠡᠪᠡᠷ ᠠᠵᠢᠯ ᠶᠢᠡᠨ ᠲᠡᠭᠡᠳᠦᠯᠡᠨ ᠬᠠᠢᠢᠷᠠᠯᠠᠵᠤ ᠪᠠᠢᠢᠭ᠎ᠠ ᠰᠡᠳᠭᠢᠯᠭᠡ ᠪᠠᠨ ᠢᠯᠡᠳᠭᠡᠨ᠎ᠡ᠃

    ᠰᠠᠷᠠᠩᠭ᠋ᠤᠤ᠎ᠠ ᠠᠵᠢᠯ ᠳ᠋ᠤ ᠭᠠᠷᠤᠭᠠᠳ ᠬᠤᠶᠠᠷ ᠵᠢᠯ ᠴᠤ ᠪᠤᠯᠤᠯ ᠦᠭᠡᠢ ᠪᠡᠷ ᠦᠪᠡᠷ ᠤᠨ ᠶᠢᠡᠨ ᠬᠢᠴᠢᠶᠠᠩᠬᠦᠢ ᠵᠢᠳᠬᠦᠯᠭᠡ᠂ ᠬᠠᠮᠲᠤ ᠠᠵᠢᠯᠯᠠᠭᠴᠢ ᠶᠢᠨ ᠶᠢᠡᠨ ᠬᠠᠮᠲᠤ ᠶᠢᠨ ᠲᠡᠮᠵᠢᠯᠭᠡ ᠪᠡᠷ ᠳ᠋ᠦᠨᠬᠤᠸᠠᠩ ᠤᠨ ᠰᠤᠷᠪᠤᠯᠵᠢ ᠪᠢᠴᠢᠭ᠌ ᠤᠨ ᠲᠤᠭᠤᠢᠢᠯᠠᠩ ᠤᠨ ᠲᠠᠷᠤᠭ᠎ᠠ ᠶᠢᠨ ᠲᠤᠰᠢᠶᠠᠯ ᠳᠤ ᠳᠡᠪᠰᠢᠵᠦ᠂ ᠮᠡᠷᠭᠡᠵᠢᠯᠲᠡᠳ ᠤᠨ ᠬᠠᠯᠠᠭᠤᠨ ᠬᠦᠷᠢᠶᠡᠯᠡᠯ ᠢ ᠤᠯᠤᠭᠰᠠᠨ ᠡᠷᠲᠡᠮ ᠰᠢᠨᠵᠢᠯᠡᠭᠡᠨ ᠤ ᠪᠦᠲᠦᠭᠡᠯ ᠲᠤᠭᠤᠷᠪᠢᠨ᠂ ᠤᠯᠠᠨᠲᠠ ᠶᠠᠷᠢᠶ᠎ᠠ ᠢᠯᠡᠳᠭᠡᠯ ᠵᠤᠬᠢᠶᠠᠨ ᠪᠠᠢᠢᠭᠤᠯᠵᠤ ᠶᠠᠪᠤᠵᠠᠢ᠃ ᠲᠡᠷᠡᠪᠡᠷ 2010 ᠤᠨ ᠡᠴᠡ 2013 ᠤᠨ ᠤ ᠬᠤᠭᠤᠷᠤᠨᠲᠤ ᠠᠵᠢᠯ ᠲᠦᠷᠦᠯ ᠶᠢᠡᠷ ᠲᠦᠪᠡᠳ ᠢ ᠲᠤᠰᠠᠯᠠᠬᠤ ᠵᠢᠷᠭᠤᠲᠤᠭᠠᠷ ᠡᠭᠡᠯᠵᠢᠨ ᠳ᠋ᠤ ᠲᠦᠪᠡᠳ ᠤᠨ ᠦᠪᠡᠷᠲᠡᠭᠡᠨ ᠵᠠᠰᠠᠬᠤ ᠤᠷᠤᠨ ᠤ ᠨᠤᠮ ᠤᠨ ᠰᠠᠩ ᠤᠨ ᠲᠡᠳ᠋ ᠵᠠᠬᠢᠷᠤᠯ ᠶᠢᠡᠷ ᠠᠵᠢᠯᠯᠠᠵᠤ ᠦᠩᠭᠡᠷᠡᠪᠡ᠃ ᠶᠠᠭ ᠡᠨᠡ ᠬᠤᠭᠤᠴᠠᠭᠠᠨ ᠳ᠋ᠠᠭᠠᠨ ᠲᠦᠪᠡᠳ ᠤᠨ ᠠᠯᠢ ᠤᠷᠤᠨ ᠡᠴᠡᠮᠤᠩᠭ᠋ᠤᠯ ᠤᠨ ᠨᠢᠭᠤᠴᠠ ᠲᠤᠪᠴᠢᠶᠠᠨ》 ᠤ᠋ ᠤᠨᠲᠤᠤ ᠬᠤᠪᠢᠯᠪᠤᠷᠢ ᠶᠢ ᠢᠯᠡᠷᠡᠬᠦᠯᠦᠭᠰᠡᠨ ᠶᠢᠡᠷ ᠡᠨᠡ ᠨᠢ ᠰᠡᠭᠦᠯ ᠤᠨ ᠦᠶ᠎ᠠ ᠳ᠋ᠤ ᠢᠯᠡᠷᠡᠬᠦᠯᠦᠭᠰᠡᠨ ᠬᠠᠮᠤᠭ ᠤᠨ ᠦᠨ᠎ᠡ ᠴᠡᠨ᠎ᠡ ᠲᠠᠢ ᠮᠤᠩᠭ᠋ᠤᠯ ᠰᠤᠷᠪᠤᠯᠵᠢ ᠪᠢᠴᠢᠭ᠌ ᠤᠨ ᠮᠠᠲ᠋ᠸᠷᠢᠶᠠᠯ ᠪᠤᠯᠪᠠ᠃

    -2012 ᠤᠨ ᠳ᠋ᠤ ᠲᠦᠪᠡᠳ ᠤᠨ ᠡᠷᠲᠡᠨ ᠤ ᠨᠤᠮ ᠰᠤᠲᠤᠷ ᠤᠨ ᠲᠤᠬᠠᠢ ᠨᠡᠢᠢᠲᠡᠮ ᠪᠠᠢᠢᠴᠠᠭᠠᠯᠲᠠ ᠬᠢᠵᠦ ᠪᠠᠢᠢᠭᠰᠠᠨ ᠦᠶ᠎ᠠ ᠪᠡᠷ ᠲᠦᠪᠡᠳ ᠴᠠᠭᠠᠰᠤᠨ ᠲᠡᠭᠡᠷ᠎ᠡ ᠬᠤᠯᠤᠰᠤᠨ ᠦᠵᠦᠭ ᠶᠢᠡᠷ ᠪᠢᠴᠢᠭᠲᠡᠭᠰᠡᠨᠮᠤᠩᠭ᠋ᠤᠯ ᠤᠨ ᠨᠢᠭᠤᠴᠠ ᠲᠤᠪᠴᠢᠶᠠᠨᠤ 13 ᠬᠠᠭᠤᠲᠠᠰᠤ ᠬᠤᠪᠢᠯᠪᠤᠷᠢ ᠡᠬᠡ ᠶᠢ ᠢᠯᠡᠷᠡᠬᠦᠯᠪᠡ᠂ ᠨᠢᠭᠤᠷ ᠪᠦᠷᠢ ᠳ᠋ᠤᠨᠢ 23 ᠮᠦᠷ ᠪᠠᠢᠢᠵᠤ᠂ ᠲᠦᠷᠪᠡᠨ ᠲᠠᠯ᠎ᠠ ᠳ᠋ᠤᠨᠢ ᠲᠠᠩ ᠬᠦᠷᠢᠶ᠎ᠠ ᠲᠠᠢ᠂ ᠨᠢᠭᠤᠷ ᠪᠦᠷᠢ ᠶᠢᠨ ᠵᠡᠬᠦᠨ ᠲᠠᠯ᠎ᠠ ᠳ᠋ᠤᠨᠢ ᠨᠢᠭᠤᠷ ᠤᠨ ᠳ᠋ᠤᠭᠠᠷ ᠢ ᠮᠤᠩᠭ᠋ᠤᠯ ᠶᠢᠡᠷ ᠪᠢᠴᠢᠭᠰᠡᠨ ᠪᠠᠢᠢᠲᠠᠭ᠃ ᠡᠲᠡᠭᠡᠷ ᠨᠢ ᠪᠦᠷᠮᠤᠩᠭ᠋ᠤᠯ ᠤᠨ ᠨᠢᠭᠤᠴᠠ ᠲᠤᠪᠴᠢᠶᠠᠨᠤ ᠬᠡᠰᠡᠭ ᠠᠭᠤᠯᠭ᠎ᠠ ᠪᠤᠯᠤᠨ᠎ᠠ᠃ ᠲᠦᠪᠡᠳ ᠤᠨ ᠠᠯᠢ ᠤᠷᠤᠨ ᠡᠴᠡ ᠢᠯᠡᠷᠡᠬᠦᠯᠦᠭᠰᠡᠨ ᠡᠨᠡᠬᠦ ᠠᠷᠪᠠᠨ ᠭᠤᠷᠪᠠᠨ ᠨᠢᠭᠤᠷ ᠪᠦᠬᠦᠢ ᠲᠠᠷᠠᠬᠠᠢ ᠪᠤᠲᠠᠷᠬᠠᠢ ᠡᠷᠲᠡᠨ ᠤ ᠨᠤᠮ ᠰᠤᠲᠤᠷ ᠨᠢ ᠰᠡᠬᠦᠯ ᠤᠨ ᠦᠶ᠎ᠠ ᠳ᠋ᠤ ᠢᠯᠡᠷᠡᠬᠦᠯᠦᠭᠰᠡᠨ ᠬᠠᠮᠤᠭ ᠤᠨ ᠦᠨ᠎ᠡ ᠴᠡᠨ᠎ᠡ ᠲᠠᠢ ᠮᠤᠩᠭ᠋ᠤᠯ ᠲᠤᠯᠭᠤᠷ ᠪᠢᠴᠢᠭ᠌ ᠪᠤᠯᠬᠤ ᠶᠤᠮ᠃ ᠲᠡᠭᠦᠨ ᠤ ᠦᠭᠡ ᠦᠭᠦᠯᠡᠪᠦᠷᠢ᠂ ᠠᠭᠤᠯᠭ᠎ᠠ ᠡᠴᠡ ᠨᠢ ᠬᠠᠷᠠᠬᠤ ᠳ᠋ᠤᠮᠤᠩᠭ᠋ᠤᠯ ᠤᠨ ᠨᠢᠭᠤᠴᠠ ᠲᠤᠪᠴᠢᠶᠠᠨᠡᠴᠡ ᠯᠤᠪᠰᠠᠩᠳᠠᠨᠽᠠᠨ ᠤᠠᠯᠲᠠᠨ ᠲᠤᠪᠴᠢᠬᠦᠷᠲᠡᠯ᠎ᠠ ᠨᠢᠭᠡᠨ ᠲᠡᠦᠬᠡᠨ ᠠᠬᠢᠴᠠ ᠪᠤᠯᠬᠤ ᠵᠢ ᠮᠠᠭᠠᠳᠯᠠᠵᠤ ᠪᠤᠯᠤᠨ᠎ᠠ᠂ ᠮᠦᠨ ᠡᠨᠡᠬᠦ ᠬᠤᠪᠢᠰᠤᠯᠲᠠ ᠶᠢᠨ ᠶᠠᠪᠤᠴᠠ ᠶᠢ ᠰᠤᠲᠤᠯᠬᠤ ᠪᠤᠯ ᠨᠢᠭᠡᠨ ᠮᠠᠰᠢ ᠴᠢᠩᠭ᠋᠎ᠠ ᠪᠦᠭᠡᠳ ᠴᠢᠬᠤᠯᠠ ᠡᠷᠲᠡᠮ ᠰᠢᠨᠵᠢᠯᠡᠭᠡᠨ ᠤ ᠠᠵᠢᠯ ᠪᠤᠯᠤᠨ᠎᠎ᠠ ᠭᠡᠵᠦ ᠲᠡᠷᠡᠪᠡᠷ ᠰᠤᠲᠤᠯᠭᠠᠨ ᠤ ᠠᠵᠢᠯ ᠶᠢᠡᠨ ᠲᠤᠪᠴᠢᠬᠠᠨ ᠬᠤᠷᠢᠶᠠᠩᠭ᠋ᠤᠢᠢᠯᠠᠵᠤ ᠶᠠᠷᠢᠯ᠎ᠠ᠃

    ᠦᠨᠡᠨ ᠳ᠋ᠡᠭᠡᠨ ᠰᠠᠷᠠᠩᠭ᠋ᠤᠤ᠎ᠠ ᠲᠦᠪᠡᠳ ᠢ ᠠᠵᠢᠯ ᠲᠦᠷᠦᠯ ᠶᠢᠡᠷ ᠲᠤᠰᠠᠯᠠᠬᠤ ᠪᠡᠷ ᠲᠦᠪᠡᠳ ᠲᠤ ᠬᠦᠷᠬᠦ ᠡᠴᠡ ᠡᠮᠦᠨ᠎ᠡ ᠪᠤᠶᠤ 2009 ᠤᠨ ᠤ ᠦᠶ᠎ᠠ ᠳ᠋ᠤ᠂ ᠲᠦᠪᠡᠳ ᠤᠨ ᠡᠷᠲᠡᠨ ᠤ ᠨᠤᠮ ᠰᠤᠲᠤᠷ ᠤᠨ ᠬᠠᠮᠠᠭᠠᠯᠠᠯᠲᠠ ᠶᠢᠨ ᠠᠵᠢᠯ ᠶᠢᠡᠷ ᠲᠦᠪᠡᠳ ᠲᠤ ᠪᠠᠢᠢᠭᠰᠠᠨ ᠦᠶ᠎ᠠ ᠳ᠋ᠤᠨᠢ᠂ ᠲᠦᠪᠡᠳ ᠤᠨ ᠦᠪᠡᠷᠲᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠳ᠋ᠤ ᠠᠯᠪᠠ ᠲᠠᠢ ᠫᠤᠩᠰᠤᠭᠷᠠᠪᠵᠠᠢ ᠨᠢᠭᠡ ᠬᠠᠭᠤᠲᠠᠰᠤ ᠡᠷᠲᠡᠨ ᠤ ᠮᠤᠩᠭ᠋ᠤᠯ ᠪᠢᠴᠢᠭ᠌ ᠤᠨ ᠲᠠᠷᠤᠮᠠᠯ ᠬᠡᠪ ᠢ ᠲᠡᠭᠦᠨ ᠳ᠋ᠤ ᠦᠭᠴᠦ ᠶᠠᠮᠠᠷ ᠠᠭᠤᠯᠭ᠎ᠠ ᠪᠤᠯᠬᠤ ᠲᠤᠬᠠᠢ ᠮᠠᠭᠠᠳᠯᠠᠨ ᠲᠤᠲᠤᠯᠠᠭᠤᠯᠬᠤ ᠭᠡᠪᠡ᠃ ᠰᠠᠷᠠᠩᠭ᠋ᠤᠤ᠎ᠠ ᠡᠨᠡᠬᠦ ᠲᠠᠷᠤᠮᠠᠯ ᠬᠡᠪ ᠢ ᠦᠵᠡᠭᠰᠡᠨ ᠤ ᠬᠤᠶᠢᠨ᠎ᠠᠮᠤᠩᠭ᠋ᠤᠯ ᠤᠨ ᠨᠢᠭᠤᠴᠠ ᠲᠤᠪᠴᠢᠶᠠᠨᠪᠤᠶᠤ ᠯᠤᠪᠰᠠᠩᠳᠠᠨᠽᠠᠨ ᠤᠠᠯᠲᠠᠨ ᠲᠤᠪᠴᠢ》  ᠶ᠋ᠢᠨ ᠬᠡᠰᠡᠭ ᠠᠭᠤᠯᠭ᠎ᠠ ᠪᠤᠯᠬᠤ ᠶᠢ ᠠᠩᠬ᠎ᠠ ᠮᠠᠭᠠᠳᠯᠠᠵᠦ᠂ ᠫᠤᠩᠰᠤᠭᠷᠠᠪᠵᠠᠢ ᠪᠡᠷ ᠲᠠᠬᠢᠨ ᠲᠠᠪᠤᠨ ᠬᠠᠭᠤᠲᠠᠰᠤ ᠲᠠᠷᠤᠮᠠᠯ ᠬᠠᠩᠭ᠋ᠠᠯᠭᠠᠨ ᠲᠠᠬᠢᠨ ᠬᠠᠷᠭᠤᠭᠤᠯᠬᠤ ᠪᠡᠷ ᠲᠠᠮᠵᠢᠨᠮᠤᠩᠭ᠋ᠤᠯ ᠤᠨ ᠨᠢᠭᠤᠴᠠ ᠲᠤᠪᠴᠢᠶᠠᠨᠪᠤᠶᠤ ᠯᠤᠪᠰᠠᠩᠳᠠᠨᠽᠠᠨ ᠤᠠᠯᠲᠠᠨ ᠲᠤᠪᠴᠢ》 ᠶ᠋ᠢᠨ ᠬᠡᠰᠡᠭ ᠠᠭᠤᠯᠭ᠎ᠠ ᠪᠤᠯᠬᠤ ᠶᠢ ᠨᠤᠲᠠᠯᠠᠪᠠ᠃ ᠳᠠᠬᠢᠪᠠᠯ 2011 ᠤᠨ ᠤ ᠦᠶ᠎ᠠ ᠪᠡᠷ᠂ ᠲᠦᠪᠡᠳ ᠤᠨ ᠡᠷᠲᠡᠨ ᠤ ᠨᠤᠮ ᠰᠤᠲᠤᠷ ᠤᠨ ᠬᠠᠮᠠᠭᠠᠯᠠᠯᠲᠠ ᠶᠢᠨ ᠭᠠᠵᠠᠷ ᠤᠨ ᠠᠵᠢᠯᠲᠠᠨ ᠲᠦᠪᠡᠳ ᠤᠨ ᠵᠠᠲᠠ ᠰᠢᠶᠠᠨ ᠤ ᠲᠤᠯᠢᠨ ᠰᠦᠮ᠎ᠡ ᠡᠴᠡ ᠮᠤᠩᠭ᠋ᠤᠯ ᠡᠷᠲᠡᠨ ᠤ ᠨᠤᠮ ᠪᠢᠴᠢᠭ᠌ ᠪᠠᠢᠢᠬᠤ ᠶᠢ ᠢᠯᠡᠷᠡᠬᠦᠯᠵᠦ᠂ ᠪᠠᠰᠠ ᠰᠠᠷᠠᠩᠭ᠋ᠤᠤ᠎ᠠ ᠪᠡᠷ ᠮᠠᠭᠠᠳᠯᠠᠨ ᠲᠤᠲᠤᠯᠠᠭᠤᠯᠬᠤ ᠶᠢ ᠵᠤᠷᠢᠪᠠ᠃ ᠡᠨᠡᠬᠦ ᠬᠠᠩᠭ᠋ᠠᠭᠰᠠᠨ ᠵᠢᠷᠤᠭ ᠲᠡᠬᠢ ᠠᠭᠤᠯᠭ᠎ᠠ ᠨᠢ ᠮᠤᠩᠭ᠋ᠤᠯ ᠦᠰᠦᠭ ᠪᠦᠭᠡᠳ ᠬᠤᠶᠠᠷ ᠵᠢᠯ ᠤᠨ ᠡᠮᠦᠨᠡᠬᠢ ᠫᠤᠩᠰᠤᠭᠷᠠᠪᠵᠠᠢ ᠶᠢᠨ ᠬᠠᠩᠭ᠋ᠠᠭᠰᠠᠨ ᠠᠭᠤᠯᠭ᠎ᠠ ᠲᠠᠢ ᠠᠲᠠᠯᠢᠬᠠᠨ ᠪᠠᠢᠢᠬᠤ ᠶᠢ ᠲᠤᠲᠤᠯᠠᠵᠠᠢ᠃

    ᠲᠡᠷᠡᠪᠡᠷ᠂ 2013 ᠤᠨ ᠤ 8 ᠰᠠᠷ᠎ᠠ ᠳ᠋ᠤ ᠲᠦᠪᠡᠳ ᠡᠴᠡ ᠢᠯᠡᠷᠡᠬᠦᠯᠦᠭᠰᠡᠨ ᠲᠠᠷᠠᠬᠠᠢ ᠪᠤᠲᠠᠷᠬᠠᠢ ᠮᠤᠩᠭ᠋ᠤᠯ ᠲᠤᠯᠭᠤᠷ ᠪᠢᠴᠢᠭ᠌ ᠶᠢᠡᠷ ᠭᠤᠤᠯ ᠰᠤᠲᠤᠯᠤᠭᠲᠠᠬᠤᠨ ᠪᠤᠯᠭᠠᠵᠤ᠂ ᠦᠷᠭᠡᠨ ᠬᠡᠮᠵᠢᠶᠠᠨ ᠤ ᠡᠷᠲᠡᠮ ᠰᠢᠨᠵᠢᠯᠡᠭᠡ ᠬᠢᠭ᠍ᠰᠡᠨ ᠰᠠᠭᠤᠷᠢᠨ ᠲᠡᠭᠡᠷ᠎ᠡᠲᠦᠪᠡᠳ ᠤᠨ ᠠᠯᠢ ᠤᠷᠤᠨ ᠡᠴᠡ ᠢᠯᠡᠷᠡᠬᠦᠯᠦᠭᠰᠡᠨ ᠪᠤᠲᠠᠷᠬᠠᠢ ᠬᠠᠭᠤᠲᠠᠰᠤ ᠪᠦᠬᠦᠢ ᠮᠤᠩᠭ᠋ᠤᠯ ᠲᠤᠯᠭᠤᠷ ᠪᠢᠴᠢᠭ᠌ ᠤᠨ ᠰᠤᠲᠤᠯᠭᠠᠨᠭᠡᠬᠦ 20 ᠲᠦᠮᠡᠨ ᠦᠰᠦᠭ ᠲᠠᠢ ᠰᠤᠲᠤᠯᠭᠠᠨ ᠤ ᠪᠦᠲᠦᠭᠡᠯ ᠶᠢᠡᠨ ᠬᠡᠪᠯᠡᠬᠦᠯᠦᠭᠰᠡᠨ ᠶᠤᠮ᠃ ᠡᠨᠡᠬᠦ ᠮᠤᠨᠲᠠᠭ ᠪᠦᠲᠦᠭᠡᠯ ᠡᠴᠡ ᠪᠠᠨ ᠭᠠᠲᠠᠨ᠎ᠠ ᠲᠡᠷᠡᠪᠡᠷ ᠪᠠᠰᠠ《 ᠮᠤᠩᠭ᠋ᠤᠯ ᠲᠦᠪᠡᠳ ᠬᠠᠪᠰᠤᠷᠭᠠᠭᠰᠠᠨᠬᠤᠲᠤᠭᠲᠤ ᠮᠠᠨᠴᠤᠰᠢᠷᠢ ᠶᠢᠨ ᠨᠡᠷ᠎ᠡ ᠶᠢ ᠦᠨᠡᠬᠡᠷ ᠦᠬᠦᠯᠡᠬᠦᠢ ᠨᠡᠷᠡᠲᠦ ᠰᠤᠲᠤᠷᠤ᠋ᠨ ᠰᠤᠲᠤᠯᠤᠯ》᠂《ᠮᠤᠩᠭ᠋ᠤᠯ ᠪᠢᠯᠢᠭ᠌ ᠰᠤᠷᠭᠠᠯ ᠤᠨ ᠰᠤᠲᠤᠯᠤᠯ》 ᠵᠡᠷᠭᠡ ᠰᠠᠢᠢᠬᠠᠨ ᠠᠯᠲᠠᠷ ᠶᠢᠡᠷ ᠮᠢᠯᠢᠶᠠᠯᠭᠠᠵᠤ᠂ ᠦᠨᠳᠦᠰᠦᠲᠡᠨ ᠤ ᠪᠠᠨ ᠭᠡᠰᠡᠨ ᠤᠮᠤᠭ ᠵᠤᠷᠢᠭ ᠶᠢᠡᠷ ᠶᠢᠡᠨ ᠤᠯᠠᠨ ᠤ ᠪᠠᠨ ᠲᠤᠮᠲᠠ ᠭᠠᠪᠰᠢᠭᠠᠢᠢᠯᠠᠵᠤ ᠶᠠᠪᠤᠨ᠎ᠠ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119953306