蒙古文网站Logo
ᠰᠢᠨᠬᠤᠸᠠ ᠮᠤᠩᠭ᠋ᠤᠯ ᠨᠧᠲ

ᠡᠭᠡᠯ ᠲᠠᠷᠢᠶᠠᠴᠢᠨ ᠤ ᠦᠯᠢᠭᠡᠷ ᠡᠷᠡᠨ ᠴᠠᠭ ᠤᠨ ᠵᠢᠷᠤᠭᠯᠠᠯ

2016-11-28 15:16

    ᠦᠪᠦᠷ ᠮᠤᠩᠭ᠋ᠤᠯ ᠤᠨ ᠲᠦᠩᠯᠢᠶᠤᠤ ᠬᠤᠲᠠ ᠶᠢᠨ ᠬᠤᠷᠴᠢᠨ ᠵᠠᠭᠦᠨ ᠭᠠᠷᠤᠨ ᠳᠤᠮᠳᠠᠲᠤ ᠬᠤᠰᠢᠭᠤᠨ ᠤ ᠵᠠᠮᠲᠤ ᠪᠠᠯᠭᠠᠰᠤ ᠶᠢᠨ ᠰᠦᠷᠦᠨ ᠮᠤᠳᠤ ᠭᠠᠴᠠᠭ᠎ᠠ ᠶᠢᠨ ᠵᠢᠶᠠ ᠪᠤᠤ ᠯᠢᠶᠠᠩ ᠭᠡᠵᠦ ᠡᠭᠡᠯ ᠵᠢᠷ  ᠤᠨ ᠨᠢᠭᠡ ᠲᠠᠷᠢᠶᠠᠴᠢᠨ ᠬᠦᠮᠦᠨ ᠪᠢᠯᠡ᠃ ᠡᠭᠡᠯ ᠵᠢᠷ ᠤᠨ ᠲᠠᠷᠢᠶᠠᠴᠢᠨ ᠭᠡᠬᠦ ᠳᠤ ᠡᠷᠭᠢᠨ ᠲᠤᠭᠤᠷᠢᠨ ᠤ ᠪᠠᠨ ᠲᠠᠷᠢᠶᠠᠴᠢᠳ ᠤᠨ ᠳᠤᠮᠳᠠ ᠪᠠᠶᠠᠨ ᠲᠠᠷᠢᠶᠠᠴᠢᠨ ᠳᠤ ᠲᠤᠭᠠᠴᠠᠭᠳᠠᠳᠠᠭ ᠶᠢᠡᠷ ᠶᠢᠡᠨ ᠪᠤᠰᠤᠳ ᠡᠴᠡ ᠪᠠᠨ ᠤᠨᠴᠠᠭᠠᠢ᠃ ᠲᠡᠷᠡ ᠡᠨᠡ ᠵᠢᠯ 160 ᠭᠠᠷᠤᠢ ᠮᠦ ᠲᠠᠷᠢᠶ᠎ᠠ ᠲᠠᠷᠢᠵᠠᠢ᠃

    ᠲᠡᠳᠡᠨ ᠤ ᠭᠠᠴᠠᠭᠠᠨ ᠤ ᠲᠠᠷᠢᠶᠠᠴᠢᠳ ᠬᠦᠮᠦᠨ ᠪᠦᠷᠢ ᠳᠤ ᠲᠡᠭᠰᠢᠳᠭᠡᠭᠡᠳ 8 ᠮᠦ ᠭᠠᠵᠠᠷ ᠲᠠᠢ᠃ ᠲᠡᠶᠢᠮᠦ ᠡᠴᠡ 160 ᠮᠦ ᠭᠡᠳᠡᠭ ᠪᠤᠯ 20 ᠬᠦᠮᠦᠨ ᠠᠮᠠ ᠶᠢᠨ ᠲᠠᠷᠢᠶᠠᠨ ᠭᠠᠵᠠᠷ ᠤᠨ ᠲᠠᠯᠠᠪᠠᠶ ᠶᠤᠮ᠃ ᠭᠡᠲᠡᠯ᠎ᠡ ᠵᠢᠶᠠ ᠪᠤᠤ ᠯᠢᠶᠠᠩ ᠤᠨ ᠬᠢ 20 ᠬᠦᠮᠦᠨ ᠠᠮᠠ ᠪᠦᠯᠢ ᠲᠠᠢ ᠲᠤᠮᠤ ᠭᠡᠷ ᠪᠢᠰᠢ᠂ ᠬᠠᠷᠢᠨ ᠳᠦᠷᠪᠡᠬᠡᠨ ᠬᠦᠮᠦᠨ ᠠᠮᠠ ᠲᠠᠢ ᠡᠩ ᠤᠨ ᠭᠡᠷ ᠪᠦᠯᠢ᠃ ᠡᠶᠢᠮᠦ ᠪᠠᠶᠢᠳᠠᠯ ᠳᠤ ᠲᠡᠳᠡᠨ ᠤ ᠬᠢ ᠶᠠᠭᠠᠬᠢᠭᠠᠳ 160 ᠭᠠᠷᠤᠢ ᠮᠦ ᠲᠠᠷᠢᠶ᠎ᠠ ᠲᠠᠷᠢᠭᠰᠠᠨ ᠪᠤᠢ ᠭᠡᠪᠡᠯ᠂ ᠶᠠᠷᠢᠶᠠᠨ ᠦᠭᠡᠢ ᠭᠠᠴᠠᠭᠠᠨ ᠤ ᠪᠠᠨ ᠭᠠᠳᠠᠭᠰᠢ ᠬᠦᠴᠦ ᠶᠠᠪᠤᠭᠰᠠᠨ ᠬᠦᠮᠦᠰ ᠤᠨ ᠲᠠᠷᠢᠶᠠᠨ ᠭᠠᠵᠠᠷ ᠢ ᠳᠠᠭᠠᠭᠠᠴᠢᠯᠠᠨ ᠠᠪᠴᠤ ᠲᠠᠷᠢᠭᠰᠠᠨ ᠪᠠᠶᠢᠯ᠎ᠠ᠃

    ᠊᠊᠊᠊᠊᠊ ᠮᠠᠨ ᠤ ᠡᠨᠳᠡ ᠬᠡᠳᠦᠨ ᠵᠠᠭᠤᠨ ᠮᠤ ᠪᠡᠷ ᠲᠠᠷᠢᠶ᠎ᠠ ᠲᠠᠷᠢᠵᠤ ᠪᠠᠶᠢᠭ᠎ᠠ ᠬᠢᠲᠠᠳ ᠲᠠᠷᠢᠶᠠᠴᠢᠨ ᠪᠠᠶᠢᠨ᠎ᠠ᠃ ᠬᠠᠷᠢᠨ ᠬᠡᠳᠦᠨ ᠵᠠᠭᠤᠨ ᠮᠦ ᠪᠡᠷ ᠲᠠᠷᠢᠶ᠎ᠠ ᠲᠠᠷᠢᠵᠤ ᠪᠠᠶᠢᠭ᠎ᠠ ᠮᠤᠩᠭ᠋ᠤᠯ ᠲᠠᠷᠢᠶᠠᠴᠢᠨ ᠪᠠᠷᠤᠭ ᠪᠠᠶᠢᠬᠤ ᠦᠭᠡᠢ᠃ ᠲᠡᠶᠢᠮᠦ ᠡᠴᠡ ᠮᠢᠨᠤ ᠲᠠᠷᠢᠵᠤ ᠪᠠᠶᠢᠭ᠎ᠠ ᠲᠠᠯᠠᠪᠠᠢ ᠪᠤᠯ ᠪᠠᠰᠠ ᠠᠷᠪᠢᠨ ᠳᠠᠭᠠᠨ ᠲᠤᠭᠠᠴᠠᠭᠳᠠᠨ᠎ᠠ ᠭᠡᠵᠦ ᠵᠢᠶᠠ ᠪᠤᠤ ᠯᠢᠶᠠᠩ ᠤᠨ ᠬᠡᠯᠡᠨ᠎ᠡ᠃

    ᠵᠢᠶᠠ ᠪᠤᠤ ᠯᠢᠶᠩ ᠤᠨ ᠬᠦᠷᠢᠶᠡᠨ ᠳᠤ ᠲᠦᠭᠦᠷᠲᠡᠯ᠎ᠡ ᠤᠪᠤᠭᠠᠯᠠᠭᠰᠠᠨ ᠡᠷᠳᠡᠨᠢ ᠰᠢᠰᠢ ᠵᠢ ᠨᠠᠳᠠ ᠰᠢᠭ ᠲᠠᠷᠢᠶᠠᠨ ᠠᠵᠢᠯ ᠳᠤ ᠲᠡᠮᠡᠢ ᠦᠢᠷᠠᠲᠤᠭ᠎ᠠ ᠦᠭᠡᠢ ᠬᠦᠮᠦᠨ ᠬᠡᠳᠦᠢ ᠵᠢᠩ ᠪᠠᠶᠢᠨ᠎ᠠ ᠭᠡᠵᠦ ᠲᠦᠰᠦᠪᠯᠡᠬᠦ ᠠᠷᠭ᠎ᠠ ᠦᠭᠡᠢ ᠪᠤᠯᠬᠤᠷ ᠰᠢᠭᠤᠳ ᠯᠡ ᠠᠰᠠᠭᠤᠴᠢᠬᠠᠭᠰᠠᠨ ᠨᠢ ᠳᠡᠭᠡᠷ᠎ᠡ ᠭᠡᠵᠦ ᠪᠤᠳᠤᠭᠠᠳ ᠠᠰᠠᠭᠤᠬᠤ ᠳᠤ᠄

    ᠊᠊᠊᠊᠊᠊᠊ ᠡᠨᠡ ᠵᠤᠨ ᠭᠠᠩᠳᠠᠭᠠᠳ ᠲᠠᠷᠢᠶᠠᠨ ᠤ ᠤᠨᠠᠯᠲᠠ ᠲᠤᠩ ᠮᠠᠭᠤ᠂ 16 ᠊᠊᠊᠊᠊᠊17 ᠲᠦᠮᠡᠨ ᠵᠢᠩ ᠯᠡ ᠬᠤᠷᠢᠶᠠᠭᠰᠠᠨ᠃ ᠨᠢᠳᠤᠨᠤᠨ 130 ᠭᠠᠷᠤᠢ ᠮᠦ ᠲᠠᠷᠢᠭᠠᠳ 20 ᠲᠦᠮᠡᠨ ᠵᠢᠩ ᠬᠤᠷᠢᠶᠠᠭᠰᠠᠨ ᠭᠡᠵᠦ ᠬᠠᠷᠢᠴᠠᠭᠤᠯᠤᠨ ᠬᠡᠯᠡᠭᠡᠳ 《ᠲᠡᠭᠷᠢ ᠶᠢᠨ ᠴᠢᠷᠠᠢ ᠬᠠᠷᠠᠬᠤ ᠴᠢᠨᠢ ᠬᠠᠰᠢᠯᠠ ᠭᠤᠷᠢ ᠦᠭᠡᠢ》ᠭᠡᠵᠦ ᠳᠠᠷᠠ ᠲᠤᠯᠤᠭᠠᠢ ᠰᠡᠭᠰᠤᠷᠤᠨ᠎ᠡ᠃

    ᠊᠊᠊᠊᠊᠊᠊ ᠲᠡᠭᠡᠭᠡᠳ ᠡᠨᠡ ᠪᠠᠶᠢᠳᠠᠯ ᠶᠢᠡᠨ ᠬᠤᠪᠢᠷᠠᠭᠤᠯᠬᠤ ᠵᠢ ᠪᠤᠳᠤᠭᠰᠠᠨ ᠦᠭᠡᠢ ᠶᠤᠮ ᠤᠤ ᠭᠡᠵᠦ ᠠᠰᠠᠭᠤᠬᠤ ᠳᠤ ᠂ ᠵᠢᠶᠠ ᠪᠤᠤ ᠯᠢᠶᠩ᠄

    ᠊᠊᠊᠊᠊᠊᠊ ᠳᠠᠷᠠᠭ᠎ᠠ ᠵᠢᠯ ᠡᠴᠡ ᠪᠦᠷᠬᠦᠭᠦᠯ ᠤᠨ ᠲᠤᠤᠷ᠎ᠠ ᠳᠤᠰᠤᠯᠭᠠᠨ ᠤᠰᠤᠯᠠᠬᠤ ᠲᠠᠷᠢᠶᠠᠯᠠᠩ ᠬᠢᠶ᠎ᠡ ᠭᠡᠵᠦ ᠪᠤᠳᠤᠵᠤ ᠪᠠᠶᠢᠨ᠎ᠠ ᠭᠡᠵᠦ ᠬᠡᠳᠦᠶᠢᠨᠠᠢ ᠪᠤᠳᠤᠵᠤ ᠪᠠᠢᠢᠭᠰᠠᠨ ᠪᠤᠳᠤᠯ ᠵᠢᠡᠨ ᠰᠢᠭᠤᠳᠬᠠᠨ ᠬᠡᠯᠡᠯ᠎ᠡ᠃

    ᠠᠮᠢᠳᠤᠷᠠᠯ ᠳᠠᠭᠠᠨ ᠲᠦᠰᠦᠪ ᠲᠦᠯᠦᠪᠯᠡᠭᠡ ᠲᠠᠢ᠂ ᠦᠪᠡᠷ ᠤᠨ ᠭᠡᠬᠦ ᠦᠵᠡᠯ ᠪᠤᠳᠤᠯ ᠲᠠᠢ ᠬᠦᠮᠦᠨ ᠭᠡᠳᠡᠭ ᠨᠢ ᠵᠢᠶᠠ ᠪᠤᠤ ᠯᠢᠶᠩ ᠤᠨ ᠬᠡᠯᠡᠬᠦ ᠶᠠᠷᠢᠬᠤ ᠬᠦᠳᠡᠯᠦᠯ ᠪᠠᠢᠢᠳᠠᠯ ᠡᠴᠡ ᠨᠢ ᠲᠤᠳᠤᠷᠬᠠᠢ ᠮᠡᠳᠡᠭᠳᠡᠨ᠎ᠡ᠃ ᠴᠤᠩᠬᠤ ᠪᠡᠷ ᠬᠠᠷᠠᠭᠳᠠᠬᠤ ᠲᠤᠮᠤ ᠭᠡᠭ᠍ᠴᠢ ᠶᠢᠨ ᠬᠠᠳᠤᠵᠤ ᠬᠤᠷᠢᠶᠠᠬᠤ ᠮᠠᠰᠢᠨ ᠬᠢᠭᠡᠳ ᠴᠡᠩᠬᠡᠷ ᠬᠦᠬᠡ ᠦᠩᠭᠡ ᠶᠢᠨ ᠲᠷᠠᠺᠲ᠋ᠤᠷ ᠢ ᠵᠢᠭᠠᠭᠰᠠᠭᠠᠷ ᠲᠡᠷᠡ᠄《ᠡᠨᠡ ᠵᠢᠯ ᠤᠨ ᠪᠠᠶᠢᠳᠠᠯ ᠶᠢᠡᠷ ᠵᠦᠪᠬᠡᠨ ᠲᠠᠷᠢᠶ᠎ᠠ ᠵᠢ ᠲᠦᠰᠢᠭᠡᠳ ᠳᠡᠮᠡᠢ ᠤᠷᠤᠯᠭ᠎ᠠ ᠤᠯᠬᠤ ᠦᠭᠡᠢ᠂ ᠰᠡᠯᠡᠭᠦᠤ ᠴᠠᠭ ᠶᠢᠡᠷ ᠶᠢᠡᠨ ᠪᠤᠰᠤᠳ ᠲᠤ ᠬᠠᠪᠰᠤᠷᠤᠨ ᠠᠵᠢᠯ ᠬᠢᠵᠦ ᠦᠭ᠍ᠭᠦᠶ᠎ᠡ ᠭᠡᠵᠦ ᠡᠨᠡ ᠮᠠᠰᠢᠨ ᠢ ᠠᠪᠤᠭᠰᠠᠨ ᠶᠤᠮ》 ᠭᠡᠨ᠎ᠡ᠃

    ᠵᠤᠭᠤᠭᠲᠠᠵᠤ ᠰᠠᠭᠤᠬᠤ ᠶᠢᠨ ᠬᠤᠭᠤᠷᠤᠨᠳᠤ ᠰᠢᠷ᠎ᠠ ᠪᠦᠷᠢ ᠪᠤᠯᠵᠤ᠂ ᠦᠨᠳᠦᠷ ᠲᠤᠮᠳᠠᠲᠤ ᠡᠴᠡ ᠪᠠᠨ ᠰᠤᠷᠤᠯᠭ᠎ᠠ ᠪᠠᠨ ᠵᠤᠭᠰᠤᠭᠰᠠᠨ ᠬᠦᠤ ᠨᠢ ᠮᠠᠯ ᠶᠢᠡᠨ ᠬᠤᠷᠢᠶᠠᠵᠤ ᠢᠷᠡᠬᠦ ᠪᠡᠷ ᠭᠤᠷᠪᠠᠨ ᠬᠦᠷᠳᠦᠲᠤ ᠮᠤᠲ᠋ᠤᠷ ᠵᠠᠶᠢᠳᠠᠯᠠᠨ ᠭᠠᠷᠤᠭᠰᠠᠨ ᠶᠢᠡᠨ ᠤᠳᠠᠵᠤ ᠲᠦᠳᠡᠯ ᠦᠭᠡᠢ ᠬᠠᠰᠢᠶᠠᠨ ᠡᠭᠦᠳᠡ ᠪᠡᠷ ᠰᠢᠮᠸᠨ᠋ᠳ᠋ᠷ ᠡᠭᠦᠯᠳᠡᠷ ᠤᠨ ᠰᠠᠶᠢᠬᠠᠨ ᠰᠠᠶᠢᠬᠠᠨ ᠠᠯᠠᠭ ᠦᠬᠡᠷ ᠤᠳ ᠴᠤᠪᠤᠷᠠᠯᠳᠤᠨ ᠤᠷᠤᠵᠤ ᠢᠷᠡᠯ᠎ᠡ᠃ ᠮᠠᠯ ᠶᠢᠡᠨ ᠪᠡᠯᠴᠢᠭᠡᠬᠦ ᠲᠤᠰᠬᠠᠢ ᠪᠡᠯᠴᠢᠭᠡᠷ ᠦᠭᠡᠢ ᠴᠦ ᠲᠠᠷᠢᠶᠠᠨ ᠭᠤᠤᠷᠠᠰᠤ ᠨᠢ ᠡᠨᠡ ᠦᠶ᠎ᠡ ᠳᠤ ᠬᠠᠮᠤᠭ ᠤᠨ ᠰᠠᠶᠢᠨ ᠮᠠᠯ ᠤᠨ ᠪᠡᠯᠴᠢᠭᠡᠷ ᠪᠤᠯᠳᠠᠭ ᠠᠵᠢ᠃ ᠡᠪᠦᠯ ᠪᠤᠯᠳᠠᠯ᠎ᠠ ᠬᠡᠬᠦ ᠳᠤ ᠡᠷᠳᠡᠨᠢ ᠰᠢᠰᠢ ᠶᠢᠨ ᠡᠰᠢ ᠰᠦᠷᠠᠯ ᠶᠢᠡᠷ ᠶᠢᠡᠨ ᠮᠠᠯ ᠤᠨᠤᠭᠠᠨ ᠤ ᠪᠠᠨ ᠪᠤᠷᠳᠤᠭ᠎ᠠ ᠪᠤᠯᠭᠠᠵᠤ᠂ ᠮᠠᠯ ᠲᠠᠷᠢᠶᠠᠯᠠᠩ ᠢ ᠤᠶᠠᠯᠳᠤᠭᠤᠯᠤᠨ ᠡᠵᠡᠩᠨᠡᠬᠦ ᠠᠷᠭ᠎ᠠ ᠵᠢ ᠡᠨᠡ ᠨᠤᠲᠤᠭ ᠤᠨ ᠬᠢᠨ ᠶᠡᠬᠡᠪᠴᠢᠯᠡᠨ ᠠᠰᠢᠭᠯᠠᠳᠠᠭ ᠪᠠᠶᠢᠨ᠎ᠠ᠃ ᠵᠢᠶᠠ ᠪᠤᠤ ᠯᠢᠶᠩ ᠤᠨ ᠬᠢᠨ ᠲᠠᠷᠢᠶ᠎ᠠ ᠤᠯᠠᠨ ᠲᠠᠷᠢᠬᠤ ᠶᠢᠨ ᠶᠢᠡᠨ ᠬᠠᠮᠲᠤ ᠨᠡᠯᠢᠶᠡᠳ ᠲᠤᠭᠠᠨ ᠤ ᠦᠬᠡᠷ ᠮᠠᠯᠵᠢᠵᠤ ᠪᠠᠶᠢᠳᠠᠭ᠃ ᠤᠳᠤ 26 ᠦᠬᠡᠷ ᠪᠠᠶᠢᠨ᠎ᠠ ᠭᠡᠵᠦ ᠲᠠᠷᠠ ᠬᠡᠯᠡᠨ᠎ᠡ᠃

    ᠦᠬᠡᠷ ᠶᠢᠡᠨ ᠬᠤᠳᠠᠯᠳᠤᠭᠠᠳ ᠵᠢᠯ ᠤᠨ 4᠊᠊᠊᠊᠊᠊ 5 ᠲᠦᠮᠡᠨ ᠲᠦᠭᠦᠷᠢᠭ᠌ ᠤᠨ ᠤᠷᠤᠯᠭ᠎ᠠ ᠤᠯᠵᠤ᠂ ᠲᠠᠷᠢᠶᠠᠨ ᠡᠴᠡ ᠪᠠᠨ ᠵᠢᠯ ᠪᠦᠷᠢ 7᠊᠊᠊᠊᠊᠊ 8 ᠲᠦᠮᠡᠨ ᠲᠦᠭᠦᠷᠢᠭ᠌ ᠤᠨ ᠤᠷᠤᠯᠭ᠎ᠠ ᠤᠯᠳᠠᠭ ᠪᠠᠶᠢᠭᠰᠠᠨ ᠭᠡᠨ᠎ᠡ᠃《ᠪᠡᠯᠴᠢᠭᠡᠷ ᠦᠭᠡᠢ ᠪᠤᠯᠬᠤᠷ ᠮᠠᠯ ᠲᠡᠵᠢᠭᠡᠬᠦ ᠳᠤ ᠠᠮᠤᠷ ᠦᠭᠡᠢ 》 ᠭᠡᠵᠦ ᠲᠡᠷᠡ ᠬᠡᠯᠡᠵᠦ ᠪᠠᠶᠢᠭᠰᠠᠨ ᠴᠦ ᠮᠠᠯ ᠲᠠᠷᠢᠶᠠᠯᠠᠩ ᠤᠨ ᠶᠢᠡᠨ ᠠᠯᠢ ᠨᠢᠭᠡ ᠵᠢ ᠤᠷᠬᠢᠵᠤ᠂ ᠭᠠᠭᠴᠠ ᠲᠦᠷᠦᠯ ᠤᠨ ᠡᠵᠡᠩᠨᠡᠯᠲᠡ ᠬᠢᠬᠦ ᠰᠠᠨᠠᠭ᠎ᠠ ᠬᠠᠷᠢᠨ ᠪᠠᠶᠢᠬᠤ ᠦᠭᠡᠢ ᠪᠠᠶᠢᠯ᠎ᠠ᠃ ᠰᠢᠯᠲᠠᠭᠠᠨ ᠢ ᠨᠢ ᠠᠰᠠᠭᠤᠪᠠᠯ᠄《ᠲᠡᠭᠡᠵᠦ ᠪᠤᠯᠬᠤ ᠦᠭᠡᠢ᠂ ᠬᠤᠶᠠᠭᠤᠯᠠ ᠪᠠᠨ ᠪᠠᠶᠢᠪᠠᠯ ᠢᠯᠡᠭᠦᠤ ᠪᠠᠲᠤᠯᠠᠭ᠎ᠠ ᠲᠠᠢ》 ᠭᠡᠵᠦ ᠳᠦᠭᠦᠮᠬᠡᠨ ᠬᠠᠷᠢᠭᠤᠯᠤᠭᠰᠠᠨ ᠶᠤᠮ᠃

    ᠮᠠᠯ ᠲᠠᠷᠢᠶᠠᠯᠠᠩ ᠵᠢ ᠤᠶᠠᠯᠳᠤᠭᠤᠯᠤᠨ ᠡᠵᠡᠩᠨᠡᠵᠦ᠂ ᠲᠠᠷᠢᠶᠠᠯᠠᠩ ᠤᠨ ᠤᠳᠤᠬᠢᠴᠢᠯᠠᠯᠲᠠ ᠵᠢ ᠪᠡᠶᠡᠯᠡᠭᠦᠯᠦᠨ᠂ ᠤᠷᠤᠯᠭ᠎ᠠ ᠪᠠᠨ ᠪᠠᠲᠤᠯᠠᠭᠰᠠᠨ ᠨᠢ ᠬᠦᠳᠡᠭᠡ ᠶᠢᠨ ᠡᠨᠡᠭᠦ ᠲᠠᠷᠢᠶᠠᠴᠢᠨ ᠤ ᠬᠤᠪᠢ ᠳᠤ ᠬᠢᠯᠪᠠᠷ ᠪᠤᠰᠤ ᠠᠮᠵᠢᠯᠲᠠ ᠪᠤᠯᠬᠤ ᠶᠤᠮ᠃ ᠲᠡᠷᠡᠪᠡᠷ ᠦᠪᠡᠷ ᠤᠨ ᠠᠮᠢᠳᠤᠷᠠᠯ ᠤᠨ ᠪᠠᠶᠢᠳᠠᠯ ᠶᠢᠡᠨ 5 ᠵᠢᠯ  ᠤᠨ ᠡᠮᠦᠨᠡᠬᠢ ᠲᠠᠢ ᠬᠠᠷᠢᠴᠠᠭᠤᠯᠤᠨ ᠬᠡᠯᠡᠬᠦ ᠳᠡᠭᠡᠨ᠄《5 ᠵᠢᠯ ᠤᠨ ᠡᠮᠦᠨ᠎ᠡ ᠪᠢᠳᠡ ᠡᠷᠳᠡᠨᠢ ᠰᠢᠰᠢ ᠪᠠᠨ ᠭᠠᠷ ᠶᠢᠡᠷ ᠬᠤᠭᠤᠯᠵᠤ ᠠᠪᠳᠠᠭ ᠪᠠᠶᠢᠵᠠᠢ᠃ ᠤᠳᠤ ᠪᠦᠷ ᠮᠠᠰᠢᠨ ᠶᠢᠡᠷ ᠠᠪᠳᠠᠭ ᠪᠤᠯᠪᠠ᠃ 3ᠵᠢᠯ ᠤᠨ ᠡᠮᠦᠨ᠎ᠡ ᠪᠠᠰᠠ ᠬᠦᠤ ᠶᠢᠨ ᠰᠠᠨᠠᠭ᠎ᠠ ᠪᠡᠷ ᠺᠤᠮᠫᠢᠦ᠋ᠲ᠋ᠸᠷ ᠠᠪᠤᠭᠰᠠᠨ᠂ ᠬᠠᠪᠤᠷ ᠲᠠᠭᠠᠨ ᠲᠠᠷᠢᠶᠠᠨ ᠦᠷ᠎᠎ᠡ ᠡᠠᠪᠬᠤ ᠪᠤᠶᠤ ᠨᠠᠮᠤᠷ ᠲᠠᠭᠠᠨ ᠲᠠᠷᠢᠶ᠎ᠠ ᠬᠤᠳᠠᠯᠳᠤᠬᠤ ᠵᠡᠷᠭᠡ ᠳᠤ ᠰᠢᠭᠤᠳ ᠰᠦᠯᠵᠢᠶᠡᠨ ᠡᠴᠡ ᠦᠨ᠎ᠡ ᠬᠠᠩᠰᠢ ᠶᠢᠨ ᠪᠠᠶᠢᠳᠠᠯ ᠢ ᠤᠶᠢᠯᠠᠭᠠᠵᠤ ᠴᠢᠳᠠᠬᠤ ᠪᠤᠯᠤᠭᠰᠠᠨ ᠡ 》 ᠭᠡᠵᠦ ᠪᠠᠶᠠᠷᠲᠠᠢ ᠬᠡᠯᠡᠨ᠎ᠡ᠃

    ᠬᠦᠳᠡᠭᠡ ᠨᠤᠲᠤᠭ ᠲᠤ ᠰᠤᠷᠠᠭ ᠵᠠᠩᠬᠢ ᠨᠡᠪᠲᠡᠷᠡᠵᠦ᠂ ᠬᠤᠲᠠ ᠬᠦᠳᠡᠭᠡ ᠶᠢᠨ ᠠᠷᠠᠳ ᠤᠨ ᠠᠮᠢᠳᠤᠷᠠᠯ ᠤᠨ ᠵᠦᠷᠢᠶ᠎ᠡ ᠤᠯᠠᠮ ᠶᠢᠡᠷ ᠪᠠᠭᠠᠰᠤᠭᠰᠠᠨ ᠡᠴᠡ ᠲᠠᠷᠢᠶᠠᠴᠢᠨ ᠮᠠᠯᠴᠢᠨ ᠴᠦ ᠰᠢᠨ᠎ᠡ ᠴᠠᠭ ᠤᠨ ᠠᠮᠢᠳᠤᠷᠠᠯ ᠢ ᠡᠳ᠋ᠯᠡᠵᠦ ᠴᠢᠳᠠᠳᠠᠭ ᠪᠤᠯᠵᠠᠢ᠃ ᠵᠢᠶᠠ ᠪᠤᠤ ᠯᠢᠶᠠᠩ ᠤᠨ ᠠᠮᠢᠳᠤᠷᠠᠯ  ᠪᠤᠯ ᠬᠦᠳᠡᠭᠡ ᠨᠤᠲᠤᠭ ᠤᠨ ᠡᠭᠡᠯ ᠲᠠᠷᠢᠶᠠᠴᠢᠨ ᠤ ᠪᠤᠷᠤ ᠵᠢᠷᠤᠭᠯᠠᠯ ᠭᠡᠯᠲᠠᠢ᠃ ᠲᠡᠳᠡ ᠨᠡᠶᠢᠭᠡᠮ ᠤᠨ ᠪᠤᠯᠪᠠᠰᠤᠨ ᠡᠴᠡ ᠠᠯᠬᠤᠮ ᠬᠤᠴᠤᠷᠤᠯ ᠦᠭᠡᠢ ᠪᠡᠷ ᠮᠦᠷᠦ ᠵᠡᠷᠭᠡᠴᠡᠨ ᠤᠷᠤᠭᠰᠢᠯᠠᠵᠤ᠂ ᠬᠦᠳᠡᠭᠡ ᠨᠤᠲᠤᠭ ᠲᠠᠭᠠᠨ ᠦᠩᠭᠡ ᠭᠢᠯᠪᠠᠭᠠᠲᠤ ᠠᠮᠢᠳᠤᠷᠠᠯ ᠤᠨ ᠦᠯᠢᠭᠡᠷ ᠶᠢᠡᠨ ᠪᠢᠴᠢᠭᠯᠡᠭᠰᠡᠭᠡᠷ ᠯᠡ᠃

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791120005328