蒙古文网站Logo
ᠰᠢᠨᠬᠤᠸᠠ ᠮᠤᠩᠭ᠋ᠤᠯ ᠨᠧᠲ

ᠲᠡᠮᠡᠭᠡᠳᠦ ᠨᠤᠲᠤᠭ ᠤᠨ ᠤᠷᠢᠯᠭ᠎ᠠ ᠮᠦᠩᠬᠦᠨ ᠡᠪᠦᠯ ᠤᠨ ᠪᠠᠬᠠᠷᠬᠠᠯ

2016-12-23 16:58

    ᠥᠪᠥᠷ ᠮᠤᠡᠭᠭᠤᠯ ‍ᠤᠨ ᠥᠪᠡᠷᠳᠡᠭᠡᠨ ᠵᠠᠰᠠᠬᠤ ᠤᠷᠤᠨ ‍ᠤ ᠠᠡᠭᠬᠠᠳᠤᠭᠠᠷ ᠬᠤᠭᠤᠴᠠᠭᠠᠨ ‍ᠤ ᠲᠡᠮᠡᠭᠡᠨ ‍ᠤ ᠤᠷᠤᠯᠳᠤᠭᠠᠨ ᠵᠢᠴᠢ ᠰᠥᠨᠢᠳ ᠪᠠᠷᠠᠭᠤᠨ ᠬᠤᠰᠢᠭᠤᠨ ‍ᠤ ᠠᠷᠪᠠᠨ ᠨᠢᠭᠡᠳᠥᠭᠡᠷ ᠬᠤᠭᠤᠴᠠᠭᠠᠨ ‍ᠤ ᠲᠡᠮᠡᠭᠡᠨ ᠰᠤᠶᠤᠯ ‍ᠤᠨ ᠨᠠᠶᠢᠷ 2017 ᠤᠨ ‍ᠤ 1 ᠳ᠋ᠤᠬᠡᠷ ᠰᠠᠷ᠎ᠠ ᠶ᠋ᠢᠨ 9 ᠤ ᠡᠳᠤᠷ ᠡᠴᠠ 11 ᠤ ᠡᠳᠥᠷ ᠬᠥᠷᠳᠡᠯ᠎ᠡ ᠰᠢᠯᠢ ᠶ᠋ᠢᠨ ᠭᠤᠤᠯ ᠠᠶᠢᠮᠠᠭ ‍ᠤᠨ ᠰᠥᠨᠢᠳ ᠪᠠᠷᠠᠭᠤᠨ ᠬᠤᠰᠢᠭᠤᠨ ᠳ᠋ᠤ ᠶᠠᠪᠤᠭᠳᠠᠬᠤ ᠪᠡᠷ ᠪᠤᠯᠤᠯ᠎ᠠ ᠃

    ᠲᠤᠰ ᠤᠳᠠᠭᠠᠨ ‍ᠤ ᠠᠵᠢᠯᠯᠠᠭ᠎ᠠ ᠶ᠋ᠢ ᠥᠪᠥᠷ ᠮᠤᠡᠭᠭᠤᠯ ‍ᠤᠨ ᠥᠪᠡᠷᠳᠡᠭᠡᠨ ᠵᠠᠰᠠᠬᠤ ᠤᠷᠤᠨ ‍ᠤ ᠪᠡᠶ᠎ᠡ ᠶᠢᠨ ᠲᠠᠮᠢᠷ ‍ᠤᠨ ᠲᠤᠪᠴᠢᠶ᠎ᠠ ᠂ ᠰᠢᠯᠢ ᠶ᠋ᠢᠨ ᠭᠤᠤᠯ ᠠᠶᠢᠮᠠᠭ ‍ᠤᠨ ᠵᠠᠬᠢᠷᠭ᠎ᠠ ᠭᠤᠤᠯᠯᠠᠨ ᠡᠷᠬᠢᠯᠡᠵᠥ ᠂ ᠰᠢᠯᠢ ᠶ᠋ᠢᠨ ᠭᠤᠤᠯ ᠠᠶᠢᠮᠠᠭ ‍ᠤᠨ ᠰᠤᠶᠤᠯ ᠲᠠᠮᠢᠷ ᠰᠤᠨᠢᠨ ᠮᠡᠳᠡᠭᠡ ᠭᠡᠪᠯᠡᠯ ᠷᠠᠳᠢᠤ᠋ ᠲᠸᠯᠸᠢᠰ ᠲᠤᠪᠴᠢᠶ᠎ᠠ ᠪᠠ ᠰᠥᠨᠢᠳ ᠪᠠᠷᠠᠭᠤᠨ ᠬᠤᠰᠢᠭᠤᠨ ‍ᠤ ᠠᠷᠠᠳ ‍ᠤᠨ ᠵᠠᠰᠠᠭ ‍ᠤᠨ ᠤᠷᠳᠤᠨ ᠲᠠᠭᠠᠭᠠᠴᠢᠯᠠᠨ ᠡᠷᠬᠢᠯᠡᠬᠥ ᠪᠡᠷ ᠪᠤᠯᠪᠠ᠃

    ᠲᠤᠰ ᠤᠳᠠᠭᠠᠨ ‍ᠤ ᠨᠠᠭᠠᠳᠤᠮ ᠳ᠋ᠤ ᠮᠦᠩᠬᠦᠨ ᠡᠪᠥᠯ ‍ᠤᠨ ᠲᠠᠯ᠎ᠠ ᠨᠤᠳᠤᠭ ‍ᠤᠨ ᠰᠤᠶᠤᠯ ᠢᠷᠭᠡᠨᠰᠢᠯ ‍ᠢ ᠲᠤᠪᠤᠶᠢᠯᠭᠠᠭᠰᠠᠨ ᠤᠯᠠᠨ ᠲᠥᠷᠥᠯ ‍ᠤᠨ ᠤᠳᠬ᠎ᠠ ᠠᠭᠤᠯᠭ᠎ᠠ ᠪᠥᠬᠥᠢ ᠠᠵᠢᠯᠯᠠᠭ᠎ᠠ ᠶ᠋ᠢ ᠥᠷᠨᠢᠬᠥᠯᠬᠥ ᠪᠡᠷ ᠪᠠᠶᠢᠨ᠎ᠠ᠃ ᠲᠤᠬᠠᠢᠢᠯᠠᠪᠠᠯ ᠪᠤᠤᠷ᠎ᠠ ᠶ᠋ᠢᠨ ᠠᠳᠠᠯᠢᠳᠬᠠᠯ ᠂ ᠭᠠᠡᠭᠭᠠᠡᠭ ᠠᠳᠠ ᠶ᠋ᠢᠨ ᠠᠳᠠᠯᠢᠳᠬᠠᠯ ᠂ ᠪᠤᠷᠠᠨᠳᠠᠭ ᠲᠠᠮᠤᠬᠤ ᠂ ᠪᠤᠶᠢᠯᠠ ᠵᠤᠷᠭᠤᠬᠤ ᠂ ᠰᠢᠷᠢᠳᠡᠭ ᠰᠢᠷᠢᠬᠥ ᠂ ᠲᠤᠬᠤᠰᠢ ᠨᠡᠶᠢᠯᠡᠬᠥᠯᠬᠥ ᠂ ᠲᠡᠮᠡᠭᠡᠨ ᠪᠥᠮᠪᠥᠭᠡᠨ ᠤᠷᠤᠯᠳᠤᠭᠠᠨ ᠂ ᠡᠮᠨᠢᠭ ᠰᠤᠷᠭᠠᠬᠤ ᠤᠷᠤᠯᠳᠤᠭᠠᠨ ᠵᠡᠷᠭᠡ᠃ ᠡᠬᠥᠨ ‍ᠤ ᠬᠠᠮᠳᠤ 256 ᠬᠥᠴᠥᠳᠥ ᠪᠥᠬᠡ ᠶ᠋ᠢᠨ ᠪᠠᠷᠢᠯᠳᠤᠭᠠᠨ ᠂ ᠰᠤᠷ ᠬᠠᠷᠪᠤᠯᠳᠠ ᠶ᠋ᠢᠨ ᠤᠷᠤᠯᠳᠤᠭᠠᠨ ᠂ ᠮᠤᠡᠭᠭᠤᠯ ᠰᠢᠳᠠᠷ᠎ᠠ ᠶ᠋ᠢᠨ ᠮᠥᠷᠥᠶᠢᠴᠡᠭᠡᠨ ᠂ ᠱᠠᠭ᠎ᠠ ᠲᠤᠭᠯᠠᠭᠠᠮ ‍ᠢ ᠥᠷᠨᠢᠬᠥᠯᠥᠨ᠎ᠡ᠃

    ᠲᠡᠮᠡᠭᠡᠨ ᠨᠠᠶᠢᠷ ‍ᠤᠨ ᠬᠤᠭᠤᠴᠠᠭᠠᠨ ᠳ᠋ᠤ ᠲᠥᠷᠪᠡᠳᠥᠭᠡᠷ ᠬᠤᠭᠤᠴᠠᠭᠠᠨ ‍ᠤ 《ᠪᠠᠬᠠᠷᠤᠮ᠎ᠠ ᠰᠥᠨᠢᠳ 》ᠭᠡᠷᠡᠯ ᠵᠢᠷᠤᠭ ‍ᠤᠨ ᠥᠵᠡᠰᠬᠥᠯᠡᠡᠭ ᠵᠢᠴᠢ ᠭᠠᠷ ᠤᠳᠠᠰᠤ ᠪᠡᠷ ᠵᠢᠷᠤᠭᠯᠠᠠᠭᠰᠠᠨ ᠵᠢᠷᠤᠭ ‍ᠤᠨ ᠪᠥᠳᠥᠭᠡᠯ ‍ᠤᠨ ᠥᠵᠡᠰᠬᠥᠯᠡᠡᠭ ᠂ ᠲᠡᠮᠡᠭᠡᠨ ᠰᠤᠶᠤᠯ ‍ᠤᠨ ᠥᠵᠡᠰᠬᠥᠯᠡᠡᠭ ᠂ ᠲᠡᠮᠡᠭᠡᠨ ‍ᠤ ᠠᠵᠤ ᠥᠢᠯᠡᠰᠵᠢᠬᠥᠯᠥᠯᠳᠡ ᠪᠠ ᠬᠥᠭ᠍ᠵᠢᠬᠥᠯᠥᠯᠳᠡ ᠶ᠋ᠢᠨ ᠲᠤᠬᠠᠢ ᠡᠷᠳᠡᠮ ᠰᠢᠨᠵᠢᠯᠡᠭᠡᠨ ‍ᠤ ᠬᠤᠷᠠᠯ ᠂ ᠰᠢᠯᠢ ᠶ᠋ᠢᠨ ᠭᠤᠤᠯ ‍ᠤᠨ ᠰᠥᠨᠢᠳ ᠬᠤᠳᠠᠯᠳᠤᠭᠠᠴᠢᠳ ‍ᠤᠨ ᠡᠪᠯᠡᠯ ᠪᠠᠶᠢᠭᠤᠯᠤᠭᠳᠠᠬᠤ ᠶᠤᠰᠤᠯᠠᠯ ᠂ ᠤᠷᠠᠨ ᠰᠠᠶᠢᠬᠠᠨ ‍ᠤ ᠥᠳᠡᠰᠢᠯᠡᠭᠡ  ᠶᠢ ᠴᠦ ᠶᠠᠪᠤᠭᠳᠠᠭᠤᠯᠤᠨ᠎ᠠ᠃

    ᠰᠢᠯᠢ ᠶ᠋ᠢᠨ ᠭᠤᠤᠯ ‍ᠤᠨ ᠰᠥᠨᠢᠳ ᠬᠤᠳᠠᠯᠳᠤᠭᠠᠴᠢᠳ ‍ᠤᠨ ᠡᠪᠯᠡᠯ ᠪᠠᠶᠢᠭᠤᠯᠤᠭᠳᠠᠭᠰᠠᠨ ᠂ ᠥᠪᠥᠷ ᠮᠤᠡᠭᠭᠤᠯ ‍ᠤᠨ ᠥᠪᠡᠷᠳᠡᠭᠡᠨ ᠵᠠᠰᠠᠬᠤ ᠤᠷᠤᠨ ‍ᠤ ᠠᠡᠭᠬᠠᠳᠤᠭᠠᠷ ᠬᠤᠭᠤᠴᠠᠭᠠᠨ ‍ᠤ ᠲᠡᠮᠡᠭᠡᠨ ‍ᠤ ᠤᠷᠤᠯᠳᠤᠭᠠᠨ ᠵᠢᠴᠢ ᠰᠥᠨᠢᠳ ᠪᠠᠷᠠᠭᠤᠨ ᠬᠤᠰᠢᠭᠤᠨ ‍ᠤ ᠠᠷᠪᠠᠨ ᠨᠢᠭᠡᠳᠥᠭᠡᠷ ᠬᠤᠭᠤᠴᠠᠭᠠᠨ ‍ᠤ ᠲᠡᠮᠡᠭᠡᠨ ᠰᠤᠶᠤᠯ ‍ᠤᠨ ᠨᠠᠶᠢᠷ ‍ᠢ ᠪᠡᠯᠭᠡᠯᠡᠬᠥ ᠥᠳᠡᠰᠢᠯᠡᠭᠡ ᠪᠠ ᠤᠯᠠᠭᠠᠠᠮᠥ᠋ᠴᠢᠷ ᠪᠠᠶᠢᠭᠤᠯᠤᠭᠳᠠᠭᠰᠠᠨ 60 ᠵᠢᠯ ‍ᠤᠨ ᠤᠢ ᠶ᠋ᠢ ᠤᠭᠳᠤᠬᠤ ᠲᠠᠭᠤᠤ ᠬᠥᠭ᠍ᠵᠢᠮ ‍ᠤᠨ ᠲᠤᠰᠬᠠᠢ ᠥᠳᠡᠰᠢᠯᠡᠭᠡ《ᠤᠤᠭᠠᠨ ᠤᠯᠠᠭᠠᠨᠮᠦ᠋ᠴᠢᠷ ‍ᠤᠨ ᠵᠢᠪᠬᠤᠯᠠᠡᠭ 》ᠵᠡᠷᠭᠡ ᠦᠳᠡᠰᠢᠯᠡᠭᠡ ᠲᠤᠭᠯᠠᠯᠳᠠ ᠵᠤᠬᠢᠶᠠᠨ ᠪᠠᠶᠢᠭᠤᠯᠤᠬᠳᠠᠨ᠎ᠠ ᠃

    ᠵᠢᠷᠤᠭ ᠢ ᠲᠠᠮᠤᠴᠢ᠃

ᠢᠷᠡᠯᠳᠡ᠄ ᠲᠦᠪ ᠲᠸᠯᠸᠢᠰ ᠤᠨ ᠮᠤᠩᠭ᠋ᠤᠯ ᠰᠦᠯᠵᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
关闭
010070230030000000000000011120791120177446