蒙古文网站Logo
ᠰᠢᠨᠬᠤᠸᠠ ᠮᠤᠩᠭ᠋ᠤᠯ ᠨᠧᠲ

ᠥᠪᠦᠷ ᠮᠣᠩᠭᠤᠯ ᠤᠨ ᠵᠠᠷᠢᠮ ᠨᠤᠳᠤᠭ ᠲᠤ ᠠᠭᠠᠷ ᠤᠨ ᠳᠤᠯᠠᠭᠠᠨ -40 ℃ ᠡᠴᠡ ᠲᠤᠷᠤᠬᠰᠢᠯᠡᠵᠦ ᠪᠤᠢ

2016-12-29 08:23

    27 ᠤ ᠡᠳᠦᠷ᠂ ᠥᠪᠦᠷ ᠮᠣᠩ᠋ᠭᠤᠯ ᠤᠨ ᠶᠡᠬᠡᠩᠬᠢ ᠪᠦᠰᠡ ᠨᠤᠲᠤᠭ ᠴᠠᠰᠤ ᠮᠦᠰᠦᠨ ᠳᠤ ᠬᠤᠴᠢᠭᠳᠠᠨ ᠴᠠᠭ ᠠᠭᠠᠷ ᠡᠨᠡ ᠤᠳᠠᠭᠠᠨ ᠤ ᠬᠦᠢᠲᠠᠨ ᠤᠷᠤᠰᠬᠠᠯ ᠤᠨ ᠲᠤᠤᠷ᠎ᠠ ᠴᠠᠭ᠌ ᠲᠤ ᠪᠡᠨ ᠬᠦᠷᠴᠡᠢ᠃ ᠥᠪᠦᠷ ᠮᠣᠩᠭᠣᠯ ᠤᠨ ᠲᠦᠪ ᠬᠦᠬᠡᠬᠤᠲᠠ ᠳ᠋ᠦ ᠴᠤ ᠡᠨᠡ ᠡᠪᠦᠯ ᠡᠴᠡ ᠨᠠᠭᠠᠰᠢᠬᠢ ᠬᠠᠮᠤᠭ ᠤᠨ ᠬᠦᠢᠲᠠᠨ ᠡᠳᠦᠷ ᠪᠤᠯᠪᠠ᠂ ᠵᠡᠬᠦᠨ ᠬᠡᠰᠡᠭ ᠤᠨ ᠶᠡᠬᠡᠩᠬᠢ ᠪᠦᠰᠡ ᠨᠤᠲᠤᠭ ᠤᠨ ᠬᠠᠮᠤᠭ ᠤᠨ ᠳᠤᠤᠷ᠎ᠠ ᠠᠭᠠᠷ ᠤᠨ ᠳᠤᠯᠠᠭᠠᠨ -40 ℃ ᠡᠴᠡ ᠲᠤᠷᠤᠬᠰᠢᠯᠠᠵᠦ᠂ ᠲᠤᠶᠢᠯ ᠤᠨ ᠬᠦᠢᠲᠠᠨ ᠴᠠᠭ ᠠᠭᠠᠷ ᠢᠯᠡᠷᠡᠵᠡᠢ᠃

    ᠪᠠᠷᠤᠭᠴᠠᠭᠠᠯᠠᠭᠰᠠᠨ ᠢᠶᠡᠷ᠂ ᠢᠷᠡᠬᠦ ᠭᠤᠷᠪᠠᠨ ᠬᠤᠨᠤᠭ ᠲᠤ ᠥᠪᠦᠷ ᠮᠣᠩᠭᠤᠯ ᠳᠤ ᠶᠡᠬᠡ ᠰᠠᠯᠬᠢ ᠰᠠᠯᠬᠢᠯᠡᠵᠤ ᠦᠷᠬᠦᠯᠵᠢᠯᠡᠨ ᠬᠦᠢᠳᠡᠷᠡᠬᠦ ᠪᠠ ᠵᠡᠬᠦᠨ ᠪᠦᠰᠡ ᠨᠤᠲᠤᠭ ᠢᠶᠡᠷ ᠪᠠᠭ᠎ᠠ ᠴᠠᠰᠤ ᠤᠷᠤᠨ᠎ᠠ᠃

    ᠴᠠᠭ ᠠᠭᠤᠷ ᠤᠨ ᠲᠤᠪᠴᠢᠶ᠎ᠠ ᠡᠴᠡ ᠬᠤᠯᠪᠤᠭᠳᠠᠬᠤ ᠰᠠᠯᠠᠭ᠎ᠠ ᠮᠦᠴᠢᠷ ᠵᠠᠮ  ᠤᠨ ᠴᠠᠰᠤ ᠮᠦᠰᠦ ᠶᠢ ᠰᠠᠶᠢᠲᠤᠷ ᠠᠷᠢᠯᠭᠠᠵᠤ᠂ ᠵᠢᠯᠤᠭᠤᠴᠢᠳ ᠵᠠᠮ ᠤᠨ ᠪᠠᠶᠢᠳᠠᠯ ᠢ ᠠᠵᠢᠨ ᠠᠶᠤᠯᠬᠦᠢ ᠵᠤᠷᠴᠢᠬᠤ ᠶᠢ ᠠᠩᠬᠠᠷᠬᠤ ᠬᠡᠷᠡᠭᠳᠡᠢ᠃ ᠶᠠᠪᠠᠭᠠᠨ ᠢᠶᠡᠷ ᠪᠤᠶᠤ ᠳᠤᠭᠤᠢ ᠤᠨᠤᠭᠰᠠᠳ ᠬᠠᠯᠳᠤᠷᠢᠵᠤ ᠭᠤᠯᠭᠤᠬᠤ ᠶᠢ ᠬᠢᠴᠢᠶᠡᠬᠡᠷᠡᠢ ᠬᠡᠵᠤ ᠰᠠᠨᠠᠭᠤᠯᠵᠤ ᠪᠠᠶᠢᠨ᠎ᠠ᠃

ᠢᠷᠡᠯᠳᠡ᠄ ᠥᠪᠦᠷ ᠮᠣᠩᠭᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
关闭
010070230030000000000000011100001120208980