蒙古文网站Logo
ᠰᠢᠨᠬᠤᠸᠠ ᠮᠤᠩᠭ᠋ᠤᠯ ᠨᠧᠲ

ᠮᠤᠩᠭ᠋ᠤᠯ ᠠᠮᠢᠲᠤᠷᠠᠯ ᠡᠴᠡ ᠤᠷᠭᠤᠭᠰᠠᠨ ᠦᠯᠡᠮᠵᠢ ᠶᠢᠨ ᠰᠠᠢᠢᠬᠠᠨ

2017-03-23 17:26

    ᠤᠢᠢᠷ᠎ᠠ ᠶᠢᠨ ᠡᠲᠦᠷ᠂ ᠠᠷᠤᠭ ᠡᠭᠦᠷᠦᠭᠰᠡᠨ ᠵᠢᠭᠠᠯ ᠬᠦᠦ ᠡᠪᠦᠭᠡ ᠲᠠᠢ ᠪᠠᠨ ᠬᠠᠮᠲᠤ ᠠᠷᠭᠠᠯ ᠲᠡᠬᠦᠵᠦ ᠪᠠᠢᠢᠭᠰᠠᠨ ᠸᠢᠳᠢᠤ᠋ ᠸᠢᠴᠠᠲ ᠶᠢᠡᠷ ᠰᠠᠴᠤᠭᠲᠠᠵᠤ᠂ ᠮᠠᠯ ᠳ᠋ᠤ ᠬᠠᠢᠢᠷᠠᠲᠠᠢ ᠮᠤᠩᠭ᠋ᠤᠯ ᠬᠦᠮᠦᠨ ᠪᠦᠬᠦᠨ ᠤ ᠲᠠᠭᠠᠰᠢᠶᠠᠯ ᠢ ᠬᠦᠷᠲᠡᠵᠦ ᠪᠠᠢᠢᠭᠰᠠᠨ ᠢ ᠲᠠ ᠪᠦᠬᠦᠨ ᠪᠦᠷ ᠠᠨᠳᠠᠯ ᠦᠭᠡᠢ ᠰᠠᠢᠢᠨ ᠮᠡᠲᠡᠬᠦ ᠪᠠᠢᠢᠬ᠎ᠠ᠃ ᠸᠢᠳᠢᠤ᠋ ᠳ᠋ᠤ ᠭᠠᠷᠲᠠᠭ ᠡᠨᠡ ᠵᠢᠭᠠᠯ ᠬᠦᠦ ᠶᠢ ᠦᠯᠡᠮᠵᠢ ᠭᠡᠲᠡᠭ᠃ ᠲᠡᠷᠡᠪᠡᠷ 2014 ᠤᠨ ᠳ᠋ᠤ ᠠᠷᠤ ᠬᠤᠷᠴᠢᠨ ᠬᠤᠰᠢᠭᠤᠨ ᠤ ᠪᠠᠯᠴᠢᠷᠤᠳ ᠰᠤᠮᠤᠨ ᠤ ᠰᠠᠷᠠᠭᠤᠯᠲᠠᠯ᠎ᠠ ᠭᠠᠴᠠᠭᠠᠨ ᠤ ᠮᠠᠯᠴᠢᠨ ᠵᠢᠷᠦᠬᠡ ᠶᠢᠨ ᠬᠦᠦ ᠪᠤᠯᠤᠨ ᠵᠠᠶᠠᠭᠠᠵᠠᠢ᠃ ᠦᠷ᠎ᠠ ᠶᠢᠨ ᠵᠤᠯᠠᠢ ᠦᠨᠦᠷᠯᠡᠨ ᠡᠵᠢ ᠠᠪᠤ ᠪᠤᠯᠬᠤ ᠵᠢᠷᠭᠠᠯ ᠢ ᠡᠳ᠋ᠯᠡᠭᠰᠡᠨ ᠵᠢᠷᠦᠬᠡ ᠪᠤᠯᠤᠨ ᠨᠠᠬᠢᠶ᠎ᠠ ᠮᠤᠩᠭ᠋ᠤᠯ ᠬᠦᠮᠦᠨ ᠤ ᠤᠬᠠᠭᠠᠨ ᠰᠠᠨᠠᠭ᠎ᠠ ᠶᠢ ᠦᠯᠡᠮᠵᠢ ᠳ᠋ᠡᠭᠡᠨ ᠵᠠᠯᠭᠠᠮᠵᠢᠯᠠᠵᠤ ᠶᠠᠪᠤᠬᠤ ᠶᠢᠨ ᠰᠠᠢᠢᠬᠠᠨ ᠵᠦᠩᠨᠡᠯ ᠶᠢᠡᠷ ᠬᠦᠦ ᠳ᠋ᠡᠭᠡᠨ ᠦᠯᠡᠮᠵᠢ ᠭᠡᠲᠡᠭ ᠰᠠᠢᠢᠬᠠᠨ ᠨᠡᠷ᠎ᠡ ᠶᠢ ᠬᠠᠢᠢᠷᠠᠯᠠᠭᠰᠠᠨ ᠴᠤ ᠪᠤᠯᠪᠠᠦ!

    ᠦᠯᠡᠮᠵᠢ ᠶᠢᠨ ᠠᠷᠭᠠᠯ ᠲᠡᠬᠦᠵᠦ ᠪᠠᠢᠢᠭᠰᠠᠨ ᠸᠢᠳᠢᠤ᠋ ᠶᠢ ᠲᠡᠭᠦᠨ ᠤ ᠠᠪᠠᠭ᠎ᠠ ᠡᠵᠢ ᠨᠢ ᠵᠢᠷᠤᠭᠯᠠᠵᠤ ᠠᠩᠬ᠎ᠠ ᠰᠠᠲᠤᠨ ᠲᠦᠷᠦᠯ ᠤᠨ ᠶᠢᠡᠨ ᠸᠢᠴᠠᠲ ᠢᠶᠡᠷ ᠶᠠᠪᠤᠭᠤᠯᠤᠭᠰᠠᠨ ᠭᠡᠲᠡᠭ᠃ ᠭᠡᠬᠦ ᠳ᠋ᠡᠭᠡᠨ ᠲᠡᠷᠡ ᠸᠢᠳᠢᠤ᠋ ᠨᠢ ᠶᠠᠭᠠᠬᠢᠵᠤ ᠪᠠᠢᠢᠭᠠᠳ ᠸᠢᠴᠠᠲ ᠤᠨ ᠴᠤᠮᠤᠷᠯᠢᠭ ᠶᠢᠡᠷ ᠲᠠᠮᠵᠢᠭᠲᠠᠭᠰᠠᠨ ᠢ ᠦᠯᠡᠮᠵᠢ ᠶᠢᠨ ᠠᠪᠤ ᠵᠢᠷᠦᠬᠡ ᠴᠤ ᠮᠡᠲᠡᠭᠰᠡᠨ ᠦᠭᠡᠢ᠃ ᠨᠢᠭᠡ ᠮᠡᠲᠡᠬᠦ ᠳ᠋ᠤ ᠯᠡ ᠭᠠᠵᠠᠷ ᠭᠠᠵᠠᠷ ᠤᠨ ᠬᠦᠮᠦᠰ ᠬᠦᠦ ᠶᠢᠨ ᠬᠢᠨᠢ ᠠᠷᠭᠠᠯ ᠲᠡᠭᠦᠵᠦ ᠪᠠᠢᠢᠭᠰᠠᠨ ᠸᠢᠳᠢᠤ᠋ ᠶᠢ ᠶᠡᠬᠡᠬᠡᠨ ᠲᠠᠮᠵᠢᠭᠤᠯᠵᠤ᠂ ᠸᠢᠴᠠᠲ ᠤᠨ ᠴᠤᠮᠤᠷᠯᠢᠭ ᠶᠢᠡᠷ《ᠦᠯᠡᠮᠵᠢ ᠶᠢᠨ ᠬᠠᠯᠠᠭᠤᠷᠠᠯ》 ᠢ ᠡᠭᠦᠰᠭᠡᠴᠢᠭᠡᠭ᠍ᠰᠡᠨ ᠪᠠᠢᠢᠯ᠎ᠠ᠃

    ᠦᠯᠡᠮᠵᠢ ᠡᠨᠡ ᠵᠢᠯ ᠰᠠᠶ‍ᠢ ᠬᠤᠶᠠᠷᠬᠠᠨ ᠤᠢ ᠦᠩᠭᠡᠷᠡᠵᠦ ᠪᠠᠢᠢᠪᠠᠴᠦ᠂ ᠬᠡᠢ ᠨᠠᠰᠤ ᠪᠡᠷ ᠶᠢᠡᠨ ᠲᠦᠷᠪᠡ ᠬᠦᠷᠦᠭᠰᠡᠨ《ᠲᠤᠮᠤ ᠡᠷ᠎ᠡ ᠬᠦᠮᠦᠨ》ᠪᠤᠯᠵᠠᠢ᠃ ᠦᠯᠡᠮᠵᠢ ᠶᠢᠨ ᠠᠪᠤ ᠡᠵᠢ ᠨᠢ ᠭᠡᠵᠦ ᠭᠤᠴᠢ ᠭᠠᠷᠴᠤ ᠪᠠᠢᠢᠭ᠎ᠠ ᠬᠦᠲᠡᠭᠡ ᠶᠢᠨ ᠡᠭᠡᠯ ᠮᠠᠯᠴᠢᠨ᠃ ᠬᠦᠲᠡᠭᠡ ᠨᠤᠲᠤᠭ ᠤᠨ ᠮᠠᠯᠵᠢᠬᠤ ᠠᠮᠢᠲᠤᠷᠠᠯ ᠭᠡᠵᠦ ᠡᠲᠦᠷᠵᠢᠨ ᠮᠠᠯ ᠤᠨ ᠢᠶᠡᠨ ᠬᠤᠢᠢᠨ ᠠ ᠡᠴᠡ ᠪᠤᠷᠪᠢ ᠪᠤᠬᠢᠰᠬᠢᠯ ᠦᠭᠡᠢ ᠶᠠᠭᠠᠷᠠᠲᠠᠭ ᠪᠤᠯᠬᠤᠷ ᠦᠯᠡᠮᠵᠢ ᠡᠲᠦᠷᠵᠢᠨ ᠡᠪᠦᠭᠡ ᠡᠮᠡᠬᠡ ᠲᠠᠢ ᠪᠠᠨ ᠬᠠᠮᠲᠤ ᠪᠠᠢᠢᠯᠴᠠᠲᠠᠭ᠃ ᠦᠷᠯᠦᠭᠡ ᠪᠤᠰᠤᠩᠭ᠋ᠤᠲᠠ ᠪᠠᠨ ᠡᠪᠦᠭᠡ ᠡᠮᠡᠭᠡ ᠶᠢᠨ ᠳ᠋ᠡᠭᠡᠨ ᠬᠦᠶᠦᠵᠦ ᠤᠴᠢᠲᠠᠭ ᠨᠢ ᠦᠯᠡᠮᠵᠢ ᠶᠢᠨ ᠨᠢᠭᠡ ᠡᠲᠦᠷ ᠤᠨ ᠬᠠᠮᠤᠭ ᠤᠨ ᠠᠩᠬᠠᠨ ᠤ ᠠᠵᠢᠯ ᠨᠢ ᠭᠡᠯᠲᠡᠢ᠃ ᠭᠡᠬᠦ ᠳ᠋ᠡᠭᠡᠨ ᠦᠯᠡᠮᠵᠢ ᠬᠦᠦ ᠪᠤᠰᠤᠳ ᠬᠡᠦᠬᠡᠳ ᠤᠨ ᠰᠢᠭ᠌ ᠰᠢᠬᠢᠷ ᠪᠤᠭᠤᠷᠰᠤᠭ ᠢᠲᠡᠨ᠎ᠡ ᠭᠡᠵᠦ ᠡᠪᠦᠭᠡ ᠡᠮᠡᠭᠡ ᠳ᠋ᠡᠭᠡᠨ ᠡᠷᠬᠡᠯᠡᠵᠦ ᠰᠠᠭᠤᠲᠠᠭ ᠦᠭᠡᠢ ᠬᠠᠷᠢᠨ ᠡᠪᠦᠭᠡ ᠲᠠᠢ ᠪᠠᠨ ᠬᠠᠮᠲᠤ ᠠᠷᠭᠠᠯ ᠲᠡᠬᠦᠨ᠎ᠡ ᠭᠡᠵᠦ ᠬᠠᠨᠴᠤᠢ ᠰᠢᠮᠠᠯᠠᠨ ᠬᠦᠶᠦᠲᠡᠭ ᠨᠢ ᠠᠮᠢᠲᠤᠷᠠᠯ ᠳ᠋ᠤ ᠬᠠᠢᠢᠷᠠᠲᠠᠢ ᠠᠵᠢᠯᠴᠢ ᠬᠦᠦ ᠪᠤᠯᠤᠨ᠎ᠠ ᠭᠡᠲᠡᠭ ᠤᠨ ᠬᠢᠨᠢ ᠰᠢᠨᠵᠢ ᠲᠡᠮᠲᠡᠭ ᠴᠤ ᠪᠤᠯᠪᠠᠤ ? ᠦᠯᠡᠮᠵᠢ ᠬᠦᠦ ᠡᠲᠦᠷᠵᠢᠨ ᠠᠷᠭᠠᠯ ᠲᠡᠬᠦᠨ᠎ᠡ ᠭᠡᠵᠦ ᠲᠤᠮᠤ ᠠᠷᠤᠭ ᠰᠠᠪᠠᠷ ᠴᠢᠷᠴᠦ ᠡᠪᠦᠭᠡ ᠪᠠᠨ ᠲᠠᠭᠠᠵᠤ ᠭᠦᠶᠦᠲᠡᠭ ᠪᠤᠯᠬᠤᠷ ᠡᠪᠦᠭᠡ ᠨᠢ ᠬᠠᠢᠢᠷᠠᠲᠠᠢ ᠤᠮᠪᠤᠯᠤ ᠶᠢᠨ ᠢᠶᠡᠨ ᠨᠢᠷᠤᠭᠤ ᠶᠢ ᠨᠢ ᠭᠡᠮᠲᠦᠭᠡᠬᠦᠵᠡᠢ ᠬᠡᠮᠡᠨ ᠰᠢᠨ᠎ᠡ ᠪᠤᠷᠭᠠᠰᠤ ᠬᠠᠲᠤᠵᠤ ᠨᠢᠬᠡ ᠰᠦᠨᠢ ᠰᠠᠭᠤᠵᠦ ᠪᠠᠢᠢᠭᠠᠳ ᠵᠢᠵᠢᠭ᠌ ᠠᠷᠤᠭ ᠬᠦᠷᠦᠵᠦ ᠦᠭ᠍ᠬᠦᠭ᠍ᠰᠡᠨ ᠭᠡᠲᠡᠭ᠃ ᠡᠬᠦᠷᠬᠦ ᠳ᠋ᠤ ᠲᠦᠬᠦᠮ ᠪᠠᠷᠢᠬᠤ ᠳ᠋ᠤ ᠡᠪᠲᠡᠢ ᠵᠢᠵᠢᠭ᠌ ᠠᠷᠤᠭ ᠰᠠᠪᠠᠷ ᠲᠠᠢ ᠪᠤᠯᠤᠭᠰᠠᠨ ᠦᠯᠡᠮᠵᠢ ᠬᠦᠦ ᠤᠯᠠᠮ ᠢᠶᠡᠷ ᠴᠤ ᠪᠠᠶᠠᠷᠯᠠᠨ ᠡᠲᠦᠷᠵᠢᠨ ᠡᠪᠦᠭᠡ ᠲᠠᠢ ᠪᠠᠨ ᠬᠠᠮᠲᠤ ᠠᠷᠭᠠᠯ ᠲᠡᠭᠦᠲᠡᠭ ᠪᠤᠯᠵᠠᠢ᠃ ᠲᠡᠷᠡᠪᠡᠷ ᠡᠪᠦᠭᠡ ᠪᠠᠨ 《ᠬᠠᠮᠵᠢᠵᠤ》ᠮᠠᠯ ᠤᠨ ᠬᠠᠰᠢᠶ᠎᠎ᠠ ᠰᠠᠷᠠᠪᠴᠢ ᠳ᠋ᠡᠬᠢ ᠬᠤᠭ ᠢ ᠴᠡᠪᠡᠷᠯᠡᠬᠦ ᠪᠡᠷ ᠪᠠᠷᠠᠬᠤ ᠦᠭᠡᠢ ᠬᠦᠲᠡᠭᠡ ᠭᠠᠲᠠᠨᠠᠬᠢ ᠠᠷᠭᠠᠯ ᠢ ᠴᠤ ᠲᠡᠭᠦᠨ᠎ᠡ ᠭᠡᠵᠦ ᠡᠪᠦᠭᠡ ᠲᠠᠢ ᠪᠠᠨ ᠬᠠᠮᠲᠤ ᠪᠤᠷᠪᠢ ᠪᠤᠬᠢᠰᠬᠢᠯ ᠦᠭᠡᠢ ᠶᠠᠭᠠᠷᠠᠲᠠᠭ ᠠᠵᠢᠯᠴᠢ ᠬᠦᠦ ᠪᠤᠯᠵᠠᠢ᠃

    ᠠᠷᠭᠠᠯ ᠲᠡᠬᠦᠬᠦ ᠡᠴᠡ ᠭᠠᠲᠠᠨ᠎ᠠ ᠬᠤᠷᠠᠭ᠎ᠠ《ᠤᠷᠭᠠᠯᠠᠬᠤ》᠂ ᠬᠤᠷᠠᠭ᠎ᠠ ᠤᠭᠵᠢᠬᠤ᠂ ᠲᠤᠮᠤᠴᠤᠤᠯ ᠢ ᠬᠠᠮᠵᠢᠨ ᠡᠨᠡ ᠲᠡᠷᠡ ᠶᠢ ᠨᠢ ᠤᠢᠢᠷᠠᠲᠤᠭᠤᠯᠵᠤ ᠦᠭ᠍ᠬᠦᠨ᠎ᠡ ᠭᠡᠵᠦ ᠬᠦᠶᠦᠲᠡᠭ ᠨᠢ ᠦᠯᠡᠮᠵᠢ ᠢᠶᠨ ᠡᠲᠦᠷ ᠲᠤᠲᠤᠮ ᠤᠨ ᠠᠵᠢᠯ᠃《ᠬᠤᠸᠠ ᠮᠤᠬᠤᠷ᠂ ᠲᠠᠯᠠᠨ ᠮᠤᠬᠤᠷ᠂ ᠬᠤᠸᠠ ᠲᠠᠯᠠᠨ᠁》ᠭᠡᠬᠦᠴᠢᠯᠡᠨ ᠮᠠᠯ ᠤᠨ ᠢᠶᠡᠨ ᠦᠩᠭᠡ ᠵᠢᠰᠦᠮ ᠢ ᠢᠯᠭᠠᠨ ᠲᠠᠨᠢᠬᠤ ᠨᠢ ᠲᠡᠬᠦᠨ ᠤ ᠡᠲᠦᠷ ᠲᠤᠲᠤᠮ ᠤᠨ ᠠᠮᠠᠨ ᠤᠩᠰᠢᠯᠭ᠎ᠠ᠃ ᠶᠠᠭ ᠡᠢᠢᠮᠦ ᠴᠤ ᠤᠴᠢᠷ ᠡᠴᠡ ᠮᠠᠯ ᠤᠨᠤᠭ᠎ᠠ ᠤᠰᠤᠯᠠᠵᠤ ᠡᠪᠡᠰᠦᠯᠡᠬᠦ ᠡᠴᠡ ᠠᠪᠤᠭᠠᠳ ᠠᠯᠢ ᠴᠠᠭ ᠲᠤ ᠶᠠᠭᠤ ᠬᠢᠲᠡᠭ ᠭᠡᠰᠡᠨ ᠢ ᠦᠯᠡᠮᠵᠢ ᠬᠦᠦ ᠠᠨᠲᠠᠯ ᠦᠭᠡᠢ ᠰᠠᠢᠢᠨ ᠮᠡᠲᠡᠲᠡᠭ ᠪᠠᠢᠢᠨ᠎ᠠ᠃ ᠦᠯᠡᠮᠵᠢ ᠶᠢᠨ ᠠᠪᠤ ᠡᠵᠢ ᠨᠢ ᠲᠡᠭᠦᠨ ᠡᠴᠡ ᠴᠢ ᠪᠢᠴᠢᠭ᠌ ᠦᠵᠡᠬᠦ ᠤᠤ? ᠮᠠᠯ ᠶᠢᠡᠨ ᠬᠠᠷᠢᠭᠤᠯᠬᠤ ᠤᠤ ? ᠭᠡᠵᠦ ᠠᠰᠠᠭᠤᠬᠤ ᠪᠡᠷ ᠨᠢ ᠦᠯᠡᠮᠵᠢ᠄《ᠮᠠᠯ ᠶᠢᠡᠨ ᠬᠠᠷᠢᠭᠤᠯᠤᠨ᠎ᠠ᠂ ᠬᠡᠵᠢᠶ᠎ᠠ ᠡᠪᠦᠭᠡ ᠠ ᠡ ᠢ ᠰᠤᠷᠬᠤ ᠪᠡᠷ ᠶᠠᠪᠤᠪᠠᠯ ᠪᠢ ᠰᠠᠶ‍ᠢ ᠰᠤᠷᠭᠠᠭᠤᠯᠢ ᠳ᠋ᠤ ᠶᠠᠪᠤᠨ᠎ᠠ 》ᠭᠡᠵᠦ ᠬᠡᠦᠬᠡᠳ ᠤᠨ ᠬᠡᠨᠡᠨ ᠵᠠᠩ ᠶᠢᠡᠷ ᠠᠵᠢᠭ ᠴᠤ ᠦᠭᠡᠢ ᠬᠠᠷᠢᠭᠤᠯᠴᠢᠬᠠᠭᠠᠳ ᠨᠠᠭᠠᠲᠤᠭᠠᠳ ᠬᠦᠶᠦᠴᠢᠬᠡᠲᠡᠭ ᠬᠦᠬᠡᠷᠦᠬᠦᠨ ᠵᠢᠭᠠᠯ᠃

    《ᠮᠢᠨᠦ ᠬᠦᠦ ᠬᠠᠷ᠎ᠠ ᠪᠠᠭ᠎ᠠ ᠡᠴᠡ ᠪᠠᠨ ᠮᠠᠯ ᠳᠤ ᠬᠠᠢᠢᠷᠠᠲᠠᠢ᠃ ᠬᠤᠷᠠᠭ᠎ᠠ ᠤᠭᠵᠢᠵᠤ ᠪᠠᠢᠢᠭᠰᠠᠨ ᠰᠦ᠋ ᠨᠢ ᠲᠠᠭᠤᠰᠬᠤᠯᠠᠷ ᠦᠪᠡᠷ ᠤᠨ ᠤᠤᠭᠤᠬᠤ ᠭᠡᠵᠦ ᠦᠯᠡᠲᠡᠭᠡᠭ᠍ᠰᠡᠨ ᠰᠦ᠋ ᠪᠠᠨ ᠴᠤ ᠬᠠᠷᠠᠮ ᠦᠭᠡᠢ ᠠᠪᠠᠴᠢᠭᠠᠳ ᠦᠭ᠍ᠴᠢᠬᠡᠲᠡᠭ᠃ ᠪᠢᠲᠡᠨᠡᠷ ᠶᠡᠷᠦ ᠳ᠋ᠡᠭᠡᠨ ᠮᠠᠯ ᠬᠠᠷ᠎ᠠ ᠭᠡᠳ ᠶᠠᠭᠠᠷᠠᠵᠤ ᠶᠠᠪᠤᠬᠤ ᠪᠡᠷ ᠯᠡ<ᠪᠢ ᠪᠠᠰᠠ ᠬᠠᠮᠵᠢᠭᠠᠳ ᠦᠭ᠍ᠬᠦᠶ᠎ᠠ>ᠭᠡᠵᠦ ᠬᠠᠵᠠᠭᠤ ᠬᠠᠪᠢ ᠪᠡᠷ ᠲᠡᠯᠲᠡᠭᠡᠨᠡᠭᠡᠳ ᠬᠦᠶᠦᠲᠡᠭ᠃ ᠭᠡᠬᠦ ᠳ᠋ᠡᠭᠡᠨ ᠬᠡᠲᠦᠢ ᠬᠤᠯᠠ ᠶᠠᠪᠤᠵᠤ ᠬᠡᠲᠦᠢ ᠤᠯᠠᠨ ᠠᠵᠢᠯ ᠬᠢᠭ᠍ᠰᠡᠨ ᠴᠤ <ᠶᠠᠲᠠᠷᠠᠵᠤ ᠪᠠᠢᠢᠨ᠎ᠠ>ᠭᠡᠲᠡᠭ ᠦᠭᠡ ᠶᠢ ᠶᠡᠷᠦ ᠨᠢ ᠬᠡᠯᠡᠲᠡᠭ ᠦᠭᠡᠢ᠂ ᠲᠤᠭᠯᠠᠭᠠᠮ ᠢᠶᠡᠨ ᠲᠤᠭᠯᠠᠵᠤ ᠰᠠᠭᠤᠵᠤ ᠪᠠᠢᠢᠭᠰᠠᠨ ᠢᠶᠡᠨ ᠨᠢᠭᠡ ᠮᠡᠲᠡᠬᠦ ᠳ᠋ᠤ ᠯᠡ ᠪᠦᠬᠡ ᠤᠨᠲᠠᠴᠢᠬᠠᠭᠰᠠᠨ ᠪᠠᠢᠢᠲᠠᠭ᠃ ᠪᠤᠲᠤᠬᠤ ᠳ᠋ᠤ ᠯᠡ ᠨᠢᠭᠡ ᠠᠵᠢᠯᠴᠢ ᠶᠠᠭᠤᠮ᠎ᠠ ᠭᠠᠷᠬᠤ ᠨᠢ ᠡ 》ᠭᠡᠬᠦ ᠵᠢᠷᠦᠬᠡ ᠶᠢᠨ ᠶᠠᠷᠢᠶ᠎ᠠ ᠡᠴᠡ ᠬᠦᠦ ᠪᠡᠷ  ᠢᠶᠡᠨ ᠪᠠᠬᠠᠷᠬᠠᠬᠰᠠᠨ ᠠᠪᠤ ᠬᠦᠮᠦᠨ ᠤ ᠬᠠᠢᠢᠷ᠎ᠠ ᠢᠪᠢᠯᠬᠦ ᠨᠢ ᠮᠡᠲᠡᠷᠡᠭᠲᠡᠨ᠎ᠡ᠃

    ᠬᠡᠦᠬᠡᠳ ᠬᠡᠦᠬᠡᠳ ᠲᠠᠢ ᠠᠳᠠᠯᠢ ᠦᠭᠡᠢ ᠬᠤᠶᠠᠷᠬᠠᠨ ᠨᠠᠰᠤᠨ ᠡᠴᠡ ᠪᠠᠨ ᠠᠷᠤᠭ ᠡᠭᠦᠷᠴᠦ ᠮᠠᠯ ᠢᠶᠡᠨ ᠲᠤᠲᠤᠮᠲᠠᠨ᠎ᠠ ᠭᠡᠵᠦ ᠬᠦᠶᠦᠲᠡᠭ ᠡᠨᠡ ᠵᠢᠭᠠᠯ ᠬᠦᠦ ᠢᠶᠨ ᠪᠠᠶᠠᠨ ᠡᠴᠡ  ᠮᠠᠯ ᠳᠠᠭᠠᠨ ᠬᠠᠢᠢᠷᠠᠲᠠᠢ ᠠᠵᠢᠯᠴᠢ ᠪᠤᠷᠤᠭᠵᠢᠭᠤᠨ ᠮᠤᠩᠭ᠋ᠤᠯ ᠬᠦᠮᠦᠨ ᠤ ᠦᠯᠡᠮᠵᠢ ᠶᠢᠨ ᠴᠢᠨᠠᠷ ᠬᠠᠷᠠᠭᠲᠠᠵᠤ᠂ ᠮᠠᠯᠵᠢᠬᠤ ᠤᠬᠠᠭᠠᠨ ᠦᠯᠡᠮᠵᠢ ᠤᠯᠠᠮᠵᠢᠯᠠᠭᠲᠠᠬᠤ ᠢᠶᠨ ᠰᠠᠢᠢᠬᠠᠨ ᠵᠦᠩ ᠮᠡᠲᠡᠭᠲᠡᠨ᠎ᠡ᠁

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120683018