蒙古文网站Logo
ᠰᠢᠨᠬᠤᠸᠠ ᠮᠤᠩᠭ᠋ᠤᠯ ᠨᠧᠲ

ᠨᠠᠶ᠋ᠮᠠᠨ ᠬᠤᠰᠢᠭᠤ 4 ᠨᠤᠮ ᠤᠨ ᠰᠠᠩ ᠪᠠᠢᠢᠭᠤᠯᠪᠠ

2017-04-13 11:13

    ᠨᠠᠶ᠋ᠮᠠᠨ ᠬᠤᠰᠢᠭᠤ ᠦᠨᠳᠦᠰᠦᠨ ᠱᠠᠲᠤᠨ ᠤ ᠤᠯᠠᠨ ᠲᠦᠮᠡᠨ ᠤ ᠰᠤᠶᠤᠯ ᠤᠨ ᠠᠮᠢᠲᠤᠷᠠᠯ ᠤᠨ ᠬᠡᠷᠡᠭᠴᠡᠭᠡ ᠶᠢ ᠬᠠᠩᠭ᠋ᠠᠬᠤ ᠪᠡᠷ 《ᠶᠡᠷᠦᠩᠬᠡᠢ ᠨᠤᠮ ᠤᠨ ᠰᠠᠩ + ᠬᠤᠯᠪᠤᠭᠲᠠᠯ ᠪᠦᠬᠦᠢ ᠰᠠᠯᠪᠤᠷᠢ ᠨᠤᠮ ᠤᠨ ᠰᠠᠩ + ᠬᠤᠯᠪᠤᠭᠲᠠᠯ ᠪᠦᠬᠦᠢ ᠦᠢᠯᠡᠴᠢᠯᠡᠭᠡ ᠶᠢᠨ ᠴᠢᠭ 》 ᠤᠨ ᠪᠦᠲᠦᠭᠡᠨ ᠪᠠᠢᠢᠭᠤᠯᠤᠯᠲᠠ ᠶᠢᠨ ᠬᠡᠪ ᠵᠠᠭᠪᠤᠷ ᠢ ᠰᠦᠪᠡᠭ᠍ᠴᠢᠯᠡᠨ ᠪᠦᠲᠦᠭᠡᠵᠦ᠂ ᠪᠦᠬᠦ ᠲᠠᠯ᠎ᠠ ᠪᠡᠷ ᠪᠦᠷᠬᠦᠬᠦᠯᠵᠦ᠂ ᠲᠠᠩᠴᠡᠬᠦᠷᠢ ᠲᠠᠢ ᠲᠦᠬᠦᠮ ᠬᠤᠷᠲᠤᠨ᠂ ᠪᠤᠲᠠᠲᠤ ᠬᠡᠷᠡᠭᠯᠡᠭᠡᠨ ᠤ ᠦᠷ᠎ᠠ ᠠᠰᠢᠭ ᠲᠠᠢ ᠨᠡᠢᠢᠲᠡ ᠶᠢᠨ ᠨᠤᠮ ᠤᠨ ᠰᠠᠩ ᠤᠨ ᠦᠢᠯᠡᠴᠢᠯᠡᠬᠡᠨ ᠤ ᠰᠢᠰᠲ᠋ᠸᠮ ᠢ ᠪᠤᠢ ᠪᠤᠯᠭᠠᠵᠤ᠂ ᠠᠩᠬᠠᠲᠠᠭᠴᠢ ᠪᠦᠯᠦᠭ 4 ᠰᠠᠯᠪᠤᠷᠢ ᠨᠤᠮ ᠤᠨ ᠰᠠᠩ ᠢ ᠪᠠᠢᠢᠭᠤᠯᠵᠤ ᠠᠰᠢᠭᠯᠠᠯᠲᠠ ᠳ᠋ᠤ ᠤᠷᠤᠭᠤᠯᠪᠠ᠃

    ᠡᠲᠡᠭᠡᠷ ᠨᠤᠮ ᠤᠨ ᠰᠠᠩ ᠨᠢ ᠲᠤᠰ ᠲᠤᠰ ᠨᠠᠶ᠋ᠮᠠᠨ ᠬᠤᠰᠢᠭᠤᠨ ᠤ ᠵᠸᠨ ᠰᠢᠩ ᠨᠡᠢᠢᠭᠡᠮ ᠲᠤᠭᠤᠷᠢᠭ ᠤᠨ ᠰᠠᠯᠪᠤᠷᠢ ᠨᠤᠮ ᠤᠨ ᠰᠠᠩ᠂ ᠱᠢ ᠸᠠᠩ ᠨᠡᠢᠢᠭᠡᠮ ᠲᠤᠭᠤᠷᠢᠭ ᠤᠨ ᠰᠠᠯᠪᠤᠷᠢ ᠨᠤᠮ ᠤᠨ ᠰᠠᠩ᠂ ᠪᠠᠢᠢᠰᠢᠩᠲᠤ ᠪᠠᠯᠭᠠᠰᠤᠨ ᠤ ᠰᠠᠯᠪᠤᠷᠢ ᠨᠤᠮ ᠤᠨ ᠰᠠᠩ᠂ ᠰᠢᠷᠠᠬᠤᠭᠤᠯᠠᠢ ᠪᠠᠯᠭᠠᠰᠤ ᠶᠢᠨ ᠰᠤᠶᠤᠯ ᠤᠨ ᠦᠷᠲᠡᠭᠡ ᠶᠢᠨ ᠰᠠᠯᠪᠤᠷᠢ ᠨᠤᠮ ᠤᠨ ᠰᠠᠩ ᠪᠤᠯᠤᠨ᠎ᠠ᠃ ᠰᠠᠯᠪᠤᠷᠢ ᠨᠤᠮ ᠤᠨ ᠰᠠᠩ ᠳ᠋ᠤ ᠨᠢᠭᠡᠲᠦᠯᠲᠡᠢ ᠫᠠᠢᠢᠵᠠ ᠡᠯᠬᠦᠵᠦ᠂ ᠲᠦᠪ ᠪᠤᠯᠤᠭᠰᠠᠨ ᠬᠤᠰᠢᠭᠤᠨ ᠤ ᠨᠤᠮ ᠤᠨ ᠰᠠᠩ ᠨᠢ ᠰᠠᠯᠪᠤᠷᠢ ᠨᠤᠮ ᠤᠨ ᠰᠠᠩ ᠪᠦᠷᠢ ᠳ᠋ᠤ 3000 ᠭᠠᠷᠤᠢ ᠲᠡᠪᠲᠡᠷ ᠨᠤᠮ ᠲᠤᠬᠢᠷᠠᠭᠤᠯᠵᠠᠢ᠃

    ᠤᠲᠤ ᠲᠤᠰ ᠬᠤᠰᠢᠭᠤ ᠬᠤᠰᠢᠭᠤᠨ ᠤ ᠨᠤᠮ ᠤᠨ ᠰᠠᠩ ᠶᠢᠡᠷ ᠶᠡᠷᠦᠩᠬᠡᠢ ᠨᠤᠮ ᠤᠨ ᠰᠠᠩ ᠪᠤᠯᠭᠠᠵᠤ᠂ ᠰᠢᠶᠠᠩ ᠪᠠᠯᠭᠠᠰᠤ ᠶᠢᠨ ᠶᠡᠷᠦᠩᠬᠡᠢᠢᠯᠡᠭᠰᠡᠨ ᠰᠤᠶᠤᠯ ᠤᠨ ᠦᠷᠲᠡᠭᠡ ᠪᠡᠷ ᠰᠠᠯᠪᠤᠷᠢ ᠰᠠᠩ ᠪᠤᠯᠭᠠᠨ᠂ ᠲᠤᠰᠬᠤᠨ ᠤ ᠮᠠᠯᠴᠢᠨ ᠲᠠᠷᠢᠶᠠᠴᠢᠨ ᠡᠷᠦᠬᠡ ᠶᠢᠨ ᠨᠤᠮ ᠤᠨ ᠦᠷᠦᠭᠡ ᠪᠡᠷ ᠦᠢᠯᠡᠴᠢᠯᠡᠭᠡ ᠶᠢᠨ ᠲᠤᠤᠷ ᠴᠢᠭ ᠤᠨ ᠰᠢᠰᠲ᠋ᠸᠮ ᠪᠦᠷᠢᠯᠲᠦᠵᠦ᠂ ᠶᠡᠷᠦᠩᠬᠡᠢ ᠨᠤᠮ ᠤᠨ ᠰᠠᠩ᠂ ᠰᠠᠯᠪᠤᠷᠢ ᠨᠤᠮ ᠤᠨ ᠰᠠᠩ ᠪᠠ ᠰᠠᠯᠪᠤᠷᠢ ᠨᠤᠮ ᠤᠨ ᠰᠠᠩ ᠤᠨ ᠬᠤᠭᠤᠷᠤᠨᠲᠤ ᠪᠠᠨ ᠨᠤᠮ ᠪᠢᠴᠢᠭ᠌ ᠵᠢᠭᠡᠯᠡᠵᠦ ᠪᠤᠴᠠᠭᠠᠬᠤ ᠶᠢ ᠨᠡᠪᠲᠡᠷᠡᠬᠦᠯᠵᠡᠢ᠃

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120802874