蒙古文网站Logo
ᠰᠢᠨᠬᠤᠸᠠ ᠮᠤᠩᠭ᠋ᠤᠯ ᠨᠧᠲ

《ᠶᠠᠰᠤᠨ ᠡᠷᠳᠡᠨᠢ》ᠱᠠᠭ᠎ᠠ ᠰᠤᠶᠤᠯ ᠤᠨ ᠨᠡᠢᠢᠭᠡᠮᠯᠢᠭ᠌ ᠪᠠᠢᠢᠭᠤᠯᠤᠭᠲᠠᠯ᠎ᠠ

2017-04-13 11:14

    3 ᠰᠠᠷ᠎ᠠ ᠶᠢᠨ 25 ᠤ ᠡᠲᠦᠷ᠂ ᠲᠡᠭᠡᠳᠦ ᠮᠤᠩᠭ᠋ᠤᠯ ᠤᠨ ᠰᠤᠶᠤᠯ ᠰᠤᠲᠤᠯᠭᠠᠨ ᠤ ᠨᠡᠢᠢᠭᠡᠮᠯᠢᠭ᠌ ᠤᠨ ᠬᠠᠯᠠᠭᠤᠨ ᠨᠦᠮᠦᠷᠢ ᠳ᠋ᠤ 《 ᠶᠠᠰᠤᠨ ᠡᠷᠳᠡᠨᠢ》 ᠱᠠᠭ᠎ᠠ ᠰᠤᠶᠤᠯ ᠤᠨ ᠰᠠᠯᠪᠤᠷᠢ ᠨᠡᠢᠢᠭᠡᠮᠯᠢᠭ᠌ ᠪᠠᠢᠢᠭᠤᠯᠤᠭᠲᠠᠵᠤ᠂ ᠲᠡᠭᠡᠳᠦ ᠮᠤᠩᠭ᠋ᠤᠯ ᠤᠨ ᠱᠠᠭ᠎ᠠ ᠰᠤᠶᠤᠯ ᠢ ᠤᠯᠠᠮᠵᠢᠯᠠᠨ ᠲᠡᠯᠭᠡᠷᠡᠬᠦᠯᠬᠦ ᠪᠡᠷ ᠪᠤᠯᠪᠠ᠃

    ᠮᠤᠩᠭ᠋ᠤᠯᠴᠤᠳ ᠤᠨ ᠤᠯᠠᠮᠵᠢᠯᠠᠯᠲᠤ ᠨᠠᠭᠠᠲᠤᠮ ᠲᠤᠭᠯᠠᠭᠠᠮ ᠪᠤᠯᠬᠤ ᠱᠠᠭ᠎ᠠ ᠰᠤᠶᠤᠯ ᠶᠢᠡᠨ ᠰᠡᠷᠬᠦᠭᠡᠨ ᠬᠦᠭ᠍ᠵᠢᠬᠦᠯᠵᠦ᠂ ᠦᠷ᠎ᠠ ᠬᠤᠢᠢᠴᠢᠰ ᠲᠠᠭᠠᠨ ᠲᠠᠨᠢᠭᠤᠯᠵᠤ᠂ ᠡᠨᠡᠬᠦ ᠰᠤᠶᠤᠯ ᠢ ᠠᠷᠠᠳ ᠲᠦᠮᠡᠨ ᠤ ᠲᠤᠮᠲᠠ ᠨᠡᠩ ᠦᠷᠭᠡᠨ ᠬᠡᠪᠴᠢᠶ᠎ᠠ ᠪᠡᠷ ᠲᠡᠯᠭᠡᠷᠡᠬᠦᠯᠬᠦ ᠪᠡᠷ ᠵᠤᠷᠢᠯᠭ᠎ᠠ ᠪᠠᠨ ᠪᠤᠯᠭᠠᠭᠰᠠᠨ ᠲᠤᠰ ᠨᠡᠢᠢᠭᠡᠮᠯᠢᠭ᠌ ᠨᠢ ᠬᠠᠢᠢᠰᠢ ᠵᠸᠦ ᠶᠢᠨ ᠮᠤᠩᠭ᠋ᠤᠯ ᠰᠤᠷᠭᠠᠭᠤᠯᠢ ᠳ᠋ᠤ《 ᠠᠯᠲᠠᠨ ᠱᠠᠭᠠᠢᠢᠲᠤ ᠠᠭᠲᠠ ᠶᠢᠨ ᠤᠶᠠᠭᠠᠴᠢᠨ》ᠵᠡᠷᠭᠡ ᠰᠤᠶᠤᠯ ᠤᠨ ᠠᠵᠢᠯᠯᠠᠭ᠎ᠠ ᠶᠢ ᠵᠤᠬᠢᠶᠠᠨ ᠪᠠᠢᠢᠭᠤᠯᠵᠤ᠂ ᠲᠡᠭᠡᠳᠦ ᠮᠤᠩᠭ᠋ᠤᠯ ᠤᠨ ᠱᠠᠭ᠎ᠠ ᠰᠤᠶᠤᠯ ᠢ ᠰᠡᠷᠬᠦᠭᠡᠨ ᠪᠠᠲᠠᠷᠠᠭᠠᠬᠤ ᠲᠦᠲᠡᠭ ᠭᠠᠯ ᠢ ᠨᠤᠴᠤᠭᠠᠵᠠᠢ᠃᠋

    《ᠶᠠᠰᠤᠨ ᠡᠷᠳᠡᠨᠢ》 ᠱᠠᠭ᠎ᠠ ᠰᠤᠶᠤᠯ ᠤᠨ ᠨᠡᠢᠢᠭᠡᠮᠯᠢᠭ᠌ ᠨᠢ ᠪᠠᠰᠠ ᠬᠠᠢᠢᠰᠢ ᠵᠸᠦ ᠶᠢᠨ ᠤᠯᠠᠭᠠᠨ ᠰᠢᠶᠠᠨ ᠤ ᠬᠤᠶᠠᠲᠤᠭᠠᠷ ᠲᠤᠮᠲᠠᠲᠤ ᠰᠤᠷᠭᠠᠭᠤᠯᠢ ᠶᠢᠨ ᠦᠨᠳᠦᠰᠦᠲᠡᠨ ᠤ ᠵᠢᠭᠠᠨ ᠰᠤᠷᠭᠠᠬᠤ ᠲᠠᠰᠤᠭ ᠢ 《 ᠲᠡᠭᠡᠳᠦ ᠮᠤᠩᠭ᠋ᠤᠯ ᠤᠨ ᠱᠠᠭ᠎ᠠ ᠰᠤᠶᠤᠯ ᠢ ᠤᠯᠠᠮᠵᠢᠯᠠᠨ ᠲᠡᠯᠭᠡᠷᠡᠬᠦᠯᠬᠦ ᠰᠠᠭᠤᠷᠢᠨ》 ᠶᠢᠡᠷ ᠰᠤᠩᠭ᠋ᠤᠭᠰᠠᠨ ᠶᠤᠮ᠃ ᠨᠡᠢᠢᠭᠡᠮᠯᠢᠭ᠌ ᠡᠴᠡ ᠲᠤᠰ ᠰᠤᠷᠭᠠᠭᠤᠯᠢ ᠳ᠋ᠤ《ᠠᠯᠲᠠᠨ ᠱᠠᠭᠠᠢᠢᠲᠤ ᠮᠤᠷᠢ ᠤᠷᠤᠯᠲᠤᠬᠤ》᠂《ᠱᠠᠭ᠎ᠠ ᠨᠢᠰᠠᠯᠬᠤ》᠂《ᠲᠦᠯ ᠲᠤᠰᠬᠤ》ᠵᠡᠷᠭᠡ ᠤᠷᠤᠯᠲᠤᠭᠠᠨ ᠢ ᠦᠷᠨᠢᠬᠦᠯᠵᠦ᠂ ᠰᠤᠷᠭᠠᠭᠤᠯᠢ ᠶᠢᠨ ᠪᠦᠬᠦ ᠮᠤᠩᠭ᠋ᠤᠯ ᠪᠠᠭᠰᠢ ᠰᠤᠷᠤᠭᠴᠢᠳ ᠵᠢᠴᠢ ᠭᠡᠷ ᠤᠨ ᠠᠬᠠᠮᠠᠳ ᠢᠲᠡᠪᠬᠢᠯᠡᠨ ᠤᠷᠤᠯᠴᠠᠵᠠᠭᠠᠵᠤ᠂ ᠨᠢᠭᠡᠨᠲᠡ ᠮᠠᠷᠲᠠᠭᠲᠠᠵᠤ ᠤᠷᠬᠢᠭᠲᠠᠬᠤ ᠰᠢᠬᠠᠭᠰᠠᠨ ᠡᠨᠡᠬᠦ ᠤᠯᠠᠮᠵᠢᠯᠠᠯᠲᠤ ᠨᠠᠭᠠᠲᠤᠮ ᠢ ᠲᠠᠬᠢᠨ ᠠᠮᠢᠯᠠᠭᠤᠯᠵᠤ ᠪᠢᠯᠡ᠃

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120802884