蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ 2020 ᠤᠨ ᠪᠤᠯᠲᠠᠯ᠎ᠠ ᠵᠠᠭᠤ ᠭᠠᠷᠤᠢ ᠬᠡᠷᠡᠭᠯᠡᠭᠡᠨ ᠤ ᠨᠢᠰᠬᠦ ᠤᠩᠭᠤᠴᠠᠨ ᠤ ᠪᠠᠭᠤᠲᠠᠯ ᠪᠠᠶᠢᠭᠤᠯᠬᠤ ᠪᠡᠷ ᠲᠤᠷᠠᠳᠪᠠ

2017-06-28 17:11

    ᠰᠢᠨᠬᠤᠧᠠ ᠬᠤᠷᠢᠶ᠎ᠠ   ᠦᠷᠦᠮᠴᠢ ᠶᠢᠨ 6 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠢᠦᠢ ᠲᠤᠤ ) ᠰᠢᠨᠵᠢᠶᠠᠩ ᠤᠨ ᠤᠶᠢᠭᠤᠷ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠲᠤᠨ ᠤ ᠠᠯᠪᠠᠨ ᠰᠦᠯᠵᠢᠶ᠎ᠠ 20 ᠤ ᠡᠲᠦᠷ 《ᠬᠡᠷᠡᠭᠯᠡᠭᠡᠨ ᠤ ᠠᠭᠠᠷ ᠠᠶᠠᠯᠠᠯ ᠤᠨ ᠬᠦᠭ᠍ᠵᠢᠯᠳᠡ  ᠶᠢ ᠲᠦᠷᠭᠡᠳᠬᠡᠬᠦ ᠲᠤᠬᠠᠢ ᠰᠠᠨᠠᠯ》 ᠢ ᠨᠡᠢᠢᠳᠡᠯᠡᠪᠡ ᠃

    ᠰᠠᠨᠠᠯ ᠳ᠋ᠤ ᠰᠢᠨᠵᠢᠶᠠᠩ 2020 ᠤᠨ ᠪᠤᠯᠲᠠᠯ᠎ᠠ ᠵᠠᠭᠤ ᠭᠠᠷᠤᠢ ᠨᠡᠶᠢᠲᠡ ᠶᠢᠨ ᠬᠡᠷᠡᠭᠯᠡᠭᠡᠨ ᠤ ᠨᠢᠰᠬᠦ ᠤᠩᠭᠤᠴᠠᠨ ᠤ ᠪᠠᠭᠤᠲᠠᠯ ᠪᠠᠶᠢᠭᠤᠯᠵᠤ᠂ 2030 ᠤᠨ ᠪᠤᠯᠲᠠᠯ᠎ᠠ 200 ᠭᠠᠷᠤᠢ ᠨᠡᠶᠢᠲᠡ ᠶᠢᠨ ᠬᠡᠷᠡᠭᠯᠡᠭᠡᠨ ᠤ ᠨᠢᠰᠬᠦ ᠤᠩᠭᠤᠴᠠᠨ ᠤ ᠪᠠᠭᠤᠲᠠᠯ ᠪᠠᠶᠢᠭᠤᠯᠤᠨ ᠰᠢᠶᠠᠨ ᠪᠦᠷᠢ ᠳ᠋ᠤ ᠠᠭᠠᠷ ᠠᠶᠠᠯᠠᠯ ᠤᠨ ᠱᠤᠭᠤᠮ ᠨᠡᠪᠲᠡᠷᠡᠬᠦᠯᠦᠨ᠂ ᠲᠠᠷᠢᠶᠠᠯᠠᠩ ᠤᠨ ᠪᠦᠲᠦᠭᠡᠭ᠍ᠲᠡᠬᠦᠨ ᠤ ᠭᠤᠤᠯ ᠭᠠᠷᠤᠯᠲᠠ ᠶᠢᠨ ᠤᠷᠤᠨ᠂ ᠤᠯᠤᠰ ᠤᠨ ᠭᠤᠤᠯᠲᠠᠯᠠᠭᠠᠲᠤ ᠤᠶᠢᠲᠤ ᠤᠷᠤᠨ᠂ ᠭᠤᠤᠯᠲᠠᠯᠠᠭᠠᠲᠤ ᠠᠵᠤ ᠦᠢᠯᠡᠰ ᠤᠨ ᠤᠷᠤᠨ ᠲᠤᠭᠤᠷᠢᠭ᠂ ᠤᠯᠤᠰ ᠤᠨ ᠵᠡᠷᠭᠡᠯᠡᠯ ᠤᠨ ᠨᠡᠷᠡᠲᠦ ᠦᠵᠡᠮᠵᠢ ᠶᠢᠨ ᠪᠦᠰᠡ ᠶᠢ ᠪᠦᠷᠬᠦᠬᠦ ᠪᠤᠯᠤᠨ᠎ᠠ᠃

    ᠰᠠᠨᠠᠯ ᠳ᠋ᠤ ᠤᠲᠤᠬᠠᠨ ᠤ ᠡᠭᠦᠷᠭᠡ ᠪᠤᠯ ᠨᠢᠰᠬᠦ ᠤᠩᠭᠤᠴᠠᠨ ᠤ ᠪᠠᠭᠤᠲᠠᠯ ᠪᠠᠶᠢᠭᠤᠯᠬᠤ ᠶᠢ ᠲᠦᠷᠭᠡᠳᠭᠡᠵᠦ᠂ ᠠᠭᠠᠷ ᠠᠶᠠᠯᠠᠯ ᠤᠨ ᠲᠤᠤᠷ ᠢ ᠲᠡᠭᠦᠯᠲᠡᠷᠵᠢᠬᠦᠯᠦᠨ᠂ ᠤᠲᠤᠬᠠᠨ ᠤ ᠢᠷᠭᠡᠨ ᠤ ᠠᠭᠠᠷ ᠠᠶᠠᠯᠠᠯ ᠤᠨ ᠵᠦᠭᠡᠭᠡᠪᠦᠷᠢ ᠶᠢᠨ ᠨᠢᠰᠬᠦ ᠤᠩᠭᠤᠴᠠᠨ ᠤ ᠪᠠᠭᠤᠲᠠᠯ ᠢ ᠬᠦᠢᠴᠡᠳ ᠠᠰᠢᠭᠯᠠᠨ᠎ᠠ᠃ ᠦᠷᠦᠮᠴᠢ ᠶᠢᠨ ᠤᠯᠠᠨ ᠤᠯᠤᠰ ᠤᠨ ᠨᠢᠰᠬᠦ ᠤᠩᠭᠤᠴᠠᠨ ᠤ ᠪᠠᠭᠤᠲᠠᠯ ᠢᠶᠡᠷ ᠭᠤᠤᠯ ᠪᠤᠯᠭᠠᠨ᠂ ᠰᠠᠯᠪᠤᠷᠢ ᠨᠢᠰᠬᠦ ᠤᠩᠭᠤᠴᠠᠨ ᠤ ᠪᠠᠭᠤᠲᠠᠯ᠂ ᠨᠡᠶᠢᠲᠡ ᠶᠢᠨ ᠬᠡᠷᠡᠭᠯᠡᠭᠡᠨ ᠤ ᠨᠢᠰᠬᠦ ᠤᠩᠭᠤᠴᠠ ᠤ ᠪᠠᠭᠤᠲᠠᠯ ᠢ ᠪᠠᠶᠢᠭᠤᠯᠬᠤ ᠪᠡᠷ ᠲᠦᠰᠦᠪᠯᠡᠵᠦ ᠪᠠᠶᠢᠨ᠎ᠠ᠃

    ᠬᠠᠮᠲᠤ ᠳ᠋ᠤᠨᠢ ᠬᠦᠢᠬᠡᠨ  ᠤᠭᠲᠠᠷᠭᠤᠢ ᠳ᠋ᠤ ᠨᠢᠰᠬᠦ ᠠᠭᠠᠷ ᠠᠶᠠᠯᠠᠯ ᠤᠨ ᠲᠤᠤᠷ ᠢ ᠶᠡᠬᠡ ᠪᠡᠷ ᠪᠠᠶᠢᠭᠤᠯᠵᠤ᠂ ᠨᠡᠶᠢᠲᠡ ᠶᠢᠨ ᠬᠡᠷᠡᠭᠯᠡᠭᠡᠨ ᠤ ᠠᠭᠠᠷ ᠠᠶᠠᠯᠠᠯ ᠤᠨ ᠠᠵᠤ ᠦᠢᠯᠡᠰ ᠤᠨ ᠴᠤᠭᠯᠠᠷᠠᠯ ᠢ 5 ᠡᠴᠡ ᠲᠡᠭᠡᠭ᠍ᠰᠢ ᠪᠠᠶᠢᠭᠤᠯᠵᠤ᠂ ᠤᠯᠤᠰ ᠤᠨ ᠨᠡᠶᠢᠲᠡ ᠶᠢᠨ ᠬᠡᠷᠡᠭᠯᠡᠭᠡᠨ ᠤ ᠠᠭᠠᠷ ᠠᠶᠠᠯᠠᠯ ᠤᠨ ᠬᠦᠭ᠍ᠵᠢᠯᠲᠠ ᠶᠢᠨ ᠶᠡᠷᠦᠩᠬᠡᠶᠢᠯᠡᠭᠰᠡᠨ ᠪᠤᠶᠤ ᠲᠤᠰᠬᠠᠢ ᠵᠢᠱᠢᠶ᠎ᠠ ᠦᠵᠡᠬᠦᠯᠬᠦ ᠲᠤᠭᠤᠷᠢᠭ ᠪᠤᠯᠭᠠᠬᠤ ᠪᠡᠷ ᠴᠢᠷᠮᠠᠶᠢᠨ᠎ᠠ ᠭᠡᠵᠡᠢ᠃

    ᠮᠦᠨ ᠡᠭᠦᠨ ᠡᠴᠡ ᠭᠠᠲᠠᠨ᠎ᠠ᠂ ᠰᠢᠨᠵᠢᠶᠠᠩ   ᠪᠠᠰᠠ ᠵᠠᠬ᠎ᠠ ᠵᠡᠬᠡᠯᠢ ᠶᠢᠨ ᠦᠷᠢᠰᠦᠯᠲᠦᠭᠡᠨ ᠲᠠᠢ ᠨᠡᠶᠢᠲᠡ ᠶᠢᠨ ᠬᠡᠷᠡᠭᠯᠡᠭᠡᠨ ᠤ ᠠᠭᠠᠷ ᠠᠶᠠᠯᠠᠯ ᠤᠨ ᠠᠵᠤ ᠠᠬᠤᠶᠢᠯᠠᠯ ᠢ ᠪᠤᠶᠢᠵᠢᠭᠤᠯᠵᠤ᠂ ᠠᠭᠠᠷ ᠠᠶᠠᠯᠠᠯ ᠪᠤᠯᠤᠨ ᠵᠠᠮ ᠬᠠᠷᠢᠯᠴᠠᠭ᠎ᠠ ᠬᠦᠢᠯᠭᠡᠭᠡ᠂ ᠠᠵᠤ ᠦᠢᠯᠡᠳᠪᠦᠷᠢ ᠲᠠᠷᠢᠶᠠᠯᠠᠩ ᠤᠢ ᠰᠢᠭᠤᠢ᠂ ᠠᠶᠠᠯᠠᠯ ᠵᠢᠭᠤᠯᠴᠢᠯᠠᠯ ᠰᠤᠶᠤᠯ᠂ ᠨᠡᠶᠢᠭᠡᠮ ᠤᠨ ᠦᠢᠯᠡᠴᠢᠯᠡᠭᠡ ᠵᠡᠷᠭᠡ ᠶᠢ ᠠᠭᠤᠰᠤᠯᠴᠠᠭᠤᠯᠤᠭᠰᠠᠨ ᠠᠵᠤ ᠦᠢᠯᠡᠰ ᠤᠨ ᠬᠦᠭ᠍ᠵᠢᠯᠲᠠ ᠶᠢᠨ ᠰᠢᠨ᠎ᠡ ᠲᠤᠭᠲᠠᠭᠠᠮᠵᠢ ᠶᠢ ᠪᠦᠷᠢᠯᠲᠦᠬᠦᠯᠦᠨ᠂ 2020 ᠤᠨ ᠪᠤᠯᠲᠠᠯ᠎ᠠ ᠨᠡᠶᠢᠲᠡ ᠶᠢᠨ ᠬᠡᠷᠡᠭᠯᠡᠭᠡᠨ ᠤ ᠠᠭᠠᠷ ᠠᠶᠠᠯᠠᠯ ᠤᠨ ᠠᠵᠤ ᠦᠢᠯᠡᠰ ᠤᠨ ᠡᠳ᠋ ᠤᠨ ᠵᠠᠰᠠᠭ ᠤᠨ ᠬᠡᠪᠴᠢᠶ᠎ᠠ ᠶᠢ 1000 ᠳ᠋ᠦᠩᠰᠢᠭᠤᠷ ᠲᠦᠬᠦᠷᠢᠭ᠌ ᠡᠴᠡ ᠲᠠᠪᠠᠭᠤᠯᠬᠤ ᠪᠤᠯᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121228421