蒙古文网站Logo
ᠰᠢᠨᠬᠤᠸᠠ ᠮᠤᠩᠭ᠋ᠤᠯ ᠨᠧᠲ

ᠯᠢᠶᠤᠤᠨᠢᠩ ᠤᠨ ᠵᠠᠷᠢᠮ ᠪᠦᠰᠡ ᠨᠤᠲᠤᠭ ᠲᠦ ᠰᠢᠷᠦᠬᠦᠨ ᠪᠤᠷᠤᠭᠠᠨ ᠤᠷᠤᠵᠤ 4 ᠲᠦᠮᠡ ᠭᠠᠷᠤᠢ ᠢᠷᠭᠡᠳ ᠭᠠᠮᠰᠢᠭᠲᠠᠪᠠ

2017-07-12 11:19

    ᠰᠢᠨᠬᠤᠧᠠ ᠬᠤᠷᠢᠶ᠎ᠠ   ᠮᠦᠭᠲᠡᠨ ᠤ 7 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠰᠦᠨ ᠿᠧᠨ ᠪᠢᠨ ) 7 ᠰᠠᠷ᠎ᠠ ᠶᠢᠨ 6 ᠤ ᠡᠲᠦᠷ ᠡᠴᠡ 10 ᠤ ᠡᠲᠦᠷ ᠪᠤᠯᠲᠠᠯ᠎ᠠ᠂ ᠯᠢᠶᠤᠤᠨᠢᠩ ᠮᠤᠵᠢ ᠳ᠋ᠤ ᠪᠤᠷᠤᠭᠠᠨ ᠤᠷᠤᠵᠤ᠂ ᠵᠠᠷᠢᠮ ᠪᠦᠰᠡ ᠨᠤᠲᠤᠭ ᠢᠶᠡᠷ ᠰᠢᠷᠦᠬᠦᠨ ᠪᠤᠷᠤᠭᠠᠨ ᠤᠷᠤᠪᠠ᠃

    ᠡᠭᠦᠨ ᠡᠴᠡ ᠪᠤᠯᠵᠤ ᠭᠠᠩ ᠤᠨ ᠪᠠᠶᠢᠲᠠᠯ ᠨᠠᠮᠲᠠᠭᠰᠠᠨ ᠪᠤᠯᠪᠠᠴᠤ ᠯᠢᠶᠤᠤᠨᠢᠩ ᠤᠨ ᠪᠠᠷᠠᠭᠤᠨ ᠪᠦᠰᠡ ᠶᠢᠨ ᠬᠤ ᠯᠦ ᠳ᠋ᠤᠤ᠂ ᠴᠤᠤᠶᠠᠩ ᠤᠨ ᠵᠠᠷᠢᠮ ᠬᠡᠰᠡᠭ ᠲᠤ ᠰᠢᠷᠦᠬᠦᠨ ᠪᠤᠷᠤᠭᠠᠨ ᠤᠷᠤᠵᠤ 4 ᠲᠦᠮᠡᠨ ᠢᠷᠭᠡᠳ᠂ 1953 ᠡᠾᠧᠺᠲ᠋ᠠᠷ ᠲᠠᠷᠢᠶᠠᠨ ᠭᠠᠵᠠᠷ ᠭᠠᠮᠰᠢᠭᠲᠠᠪᠠ᠃ ᠤᠶᠢᠯᠠᠭᠠᠭᠰᠠᠨ ᠢᠶᠡᠷ᠂ ᠲᠤᠰ ᠤᠲᠠᠭᠠᠨ ᠤ ᠪᠤᠷᠤᠭᠠᠨ ᠨᠢ ᠬᠦᠷᠦᠰᠦᠨ ᠤ ᠴᠢᠬᠢᠭ᠌ ᠤᠨ ᠬᠡᠮᠵᠢᠶ᠎ᠠ ᠶᠢ ᠨᠡᠮᠡᠭᠲᠡᠬᠦᠯᠵᠦ᠂ ᠭᠠᠩ ᠤᠨ ᠪᠠᠶᠢᠲᠠᠯ ᠢ ᠨᠠᠮᠲᠠᠭᠠᠪᠠ᠃ ᠳ᠋ᠠᠯᠢᠶᠠᠨ᠂ ᠳ᠋ᠠᠨᠳᠦ᠋ᠩ᠂ ᠵᠢᠨᠵᠧᠦ᠂ ᠶᠢᠩᠺᠧᠦ᠂ ᠴᠤᠤᠶᠠᠩ᠂ ᠬᠤ ᠯᠦ ᠳ᠋ᠤᠤ ᠶᠢᠨ ᠲᠠᠷᠢᠮᠠᠯ ᠤᠨ ᠭᠠᠩ ᠤᠨ ᠪᠠᠶᠢᠲᠠᠯ ᠦᠨᠳᠦᠰᠦᠨ ᠳ᠋ᠡᠭᠡᠨ ᠨᠠᠮᠲᠠᠭᠰᠠᠨ᠂ ᠹᠦᠰᠢᠨ ᠳ᠋ᠤ ᠭᠠᠩ ᠤᠨ ᠪᠠᠶᠢᠲᠠᠯ ᠦᠷᠬᠦᠯᠵᠢᠯᠡᠵᠦ ᠪᠠᠶᠢᠨ᠎ᠠ᠃

    7 ᠰᠠᠷ᠎ᠠ ᠶᠢᠨ 10 ᠤ ᠡᠲᠦᠷ ᠤᠨ ᠲᠤᠭᠠᠴᠠᠭᠠᠯᠠᠭᠰᠠᠨ ᠢᠶᠡᠷ᠂ ᠪᠦᠬᠦ ᠮᠤᠵᠢ ᠶᠢᠨ ᠲᠠᠷᠢᠮᠠᠯ ᠤᠨ ᠭᠠᠩᠲᠠᠭᠰᠠᠨ ᠲᠠᠯᠠᠪᠠᠢ 143.26 ᠲᠦᠮᠡᠨ ᠮᠦ᠂ ᠤᠤᠭᠤᠬᠤ ᠤᠰᠤᠨ ᠤ ᠬᠦᠴᠢᠷᠲᠡᠯ ᠡᠴᠡ ᠪᠤᠯᠵᠤ 4.63 ᠲᠦᠮᠡᠨ ᠬᠦᠮᠦᠨ ᠭᠠᠮᠰᠢᠭᠲᠠᠵᠤ᠂ ᠤᠲᠤᠬᠠᠨ ᠳ᠋ᠤ ᠤᠤᠭᠤᠬᠤ ᠤᠰᠤᠨ ᠤ ᠠᠰᠠᠭᠤᠲᠠᠯ ᠢ ᠰᠢᠢᠳᠪᠦᠷᠢᠯᠡᠪᠡ᠃

    ᠯᠢᠶᠤᠤᠨᠢᠩ ᠮᠤᠵᠢ ᠶᠢᠨ ᠦᠶᠠᠷ ᠢ ᠰᠡᠷᠭᠡᠶᠢᠯᠡᠵᠦ ᠭᠠᠩ ᠲᠠᠢ ᠲᠡᠮᠡᠴᠡᠬᠦ ᠢᠢ ᠵᠢᠯᠤᠭᠤᠳᠬᠤ ᠠᠯᠪᠠᠨ ᠤ ᠲᠡᠳ᠋ ᠡᠷᠬᠢᠯᠡᠭᠴᠢ ᠰᠦᠨ ᠪᠤᠤ ᠵᠢᠶᠧ᠂ ᠰᠡᠬᠦᠯ ᠤᠨ ᠦᠶ᠎ᠠ ᠳ᠋ᠤ ᠯᠢᠶᠤᠤᠨᠢᠩ ᠮᠤᠵᠢ ᠠᠳᠠᠯᠢ ᠪᠤᠰᠤ ᠬᠡᠮᠵᠢᠶ᠎ᠠ ᠪᠡᠷ ᠭᠠᠩᠲᠠᠵᠤ ᠪᠠᠢᠢᠬᠰᠠᠨ᠂ ᠤᠶᠢᠷ᠎ᠠ ᠶᠢᠨ ᠬᠤᠭᠤᠴᠠᠭᠠᠨ ᠳ᠋ᠤ ᠪᠤᠷᠤᠭᠠᠨ ᠬᠤᠷ᠎ᠠ ᠤᠯᠠᠠ ᠪᠤᠯᠵᠤ᠂ ᠦᠶᠠᠷ ᠤᠰᠤᠲᠤᠯ ᠪᠤᠯᠬᠤ ᠬᠠᠨᠲᠤᠰᠢ ᠲᠠᠢ᠂ ᠡᠯ᠎ᠡ ᠭᠠᠵᠠᠷ ᠤᠨ ᠬᠢᠨ ᠴᠠᠭ ᠠᠭᠠᠷ ᠤᠨ ᠪᠠᠶᠢᠲᠠᠯ ᠢ ᠨᠢᠬᠲᠠ ᠠᠩᠬᠠᠷᠴᠤ᠂ ᠭᠠᠮᠰᠢᠭ ᠡᠴᠡ ᠰᠡᠷᠭᠡᠶᠢᠯᠡᠬᠦ ᠠᠵᠢᠯ ᠢ ᠰᠠᠶᠢᠲᠦᠷ ᠬᠢᠬᠦ ᠬᠡᠷᠡᠭᠲᠡᠢ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121306174