ᠬᠠᠷᠠᠮᠦ᠋ᠷᠡᠨ ᠤ ᠬᠤ ᠯᠢᠨ ᠡᠴᠡ ᠬᠡᠬᠡᠷ᠎ᠡ ᠶᠢᠨ ᠵᠡᠬᠦᠨ ᠬᠤᠶᠢᠲᠤ ᠶᠢᠨ ᠪᠡᠷᠰ ᠤᠨ ᠮᠦᠷ ᠢ ᠢᠯᠡᠷᠡᠬᠦᠯᠪᠡ 2017-07-28 10:58

    ᠰᠢᠨᠬᠤᠧᠠ ᠬᠤᠷᠢᠶ᠎ᠠ   ᠬᠠᠷᠪᠢᠨ ᠤ 7 ᠰᠠᠷ᠎ᠠ ᠶᠢᠨ 26 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢ ᠵᠢᠶᠠᠨ ᠫᠢᠩ ) ᠬᠡᠲᠦᠨ ᠵᠢᠯ ᠰᠤᠷᠠᠭ ᠲᠠᠰᠤᠷᠠᠭᠰᠠᠨ ᠵᠡᠬᠦᠨ ᠬᠤᠶᠢᠲᠤ ᠶᠢᠨ ᠪᠡᠷᠰ ᠬᠠᠷᠠᠮᠦ᠋ᠷᠡᠨ ᠤ ᠬᠤ ᠯᠢᠨ ᠳ᠋ᠤ ᠢᠯᠡᠷᠡᠪᠡ᠃ ᠰᠡᠬᠦᠯ ᠤᠨ ᠦᠶ᠎ᠠ ᠳ᠋ᠤ ᠬᠠᠷᠠᠮᠦ᠋ᠷᠡᠨ ᠮᠤᠵᠢ ᠶᠢᠨ ᠬᠤ ᠯᠢᠨ ᠬᠤᠳᠠ ᠶᠢᠨ ᠵᠠᠰᠠᠭ ᠤᠨ ᠤᠷᠲᠤᠨ ᠤ ᠤᠨᠴᠠᠯᠠᠭᠰᠠᠨ ᠢᠶᠡᠷ᠂ ᠡᠮᠦᠨᠡᠬᠡᠨ ᠲᠤᠬᠠᠢ ᠶᠢᠨ ᠤᠷᠤᠨ ᠤ ᠲᠠᠷᠢᠶᠠᠴᠢᠨ ᠤ ᠢᠯᠡᠷᠡᠬᠦᠯᠦᠭᠰᠡᠨ ᠠᠮᠢᠲᠠᠨ ᠤ ᠮᠦᠷ ᠪᠤᠯ ᠬᠡᠬᠡᠷ᠎ᠡ ᠶᠢᠨ ᠵᠡᠬᠦᠨ ᠬᠤᠶᠢᠲᠤ ᠶᠢᠨ ᠪᠠᠷᠰ  ᠤᠨ ᠮᠦᠷ ᠪᠤᠯᠬᠤ  ᠶᠢ ᠲᠤᠰᠬᠠᠢ ᠮᠡᠷᠭᠡᠵᠢᠯᠲᠡᠳ ᠡᠴᠡ ᠪᠠᠶᠢᠴᠠᠭᠠᠨ ᠲᠤᠲᠤᠯᠠᠪᠠ᠃

    ᠬᠤ ᠯᠢᠨ ᠬᠤᠲᠠ ᠶᠢᠨ ᠵᠧᠨ ᠪᠤᠤ ᠳ᠋ᠤᠤ ᠰᠢᠶᠠᠩ ᠤᠨ ᠲᠠᠷᠢᠶᠠᠴᠢᠨ ᠲᠤᠲᠤᠷᠭᠠᠨ ᠲᠠᠷᠢᠶᠠᠨ ᠡᠴᠡ ᠪᠠᠨ ᠠᠮᠢᠲᠠᠨ ᠤ ᠮᠦᠷ ᠢᠯᠡᠷᠡᠬᠦᠯᠦᠨ ᠭᠠᠷ ᠤᠲᠠᠰᠤ ᠪᠡᠷ ᠢᠶᠡᠨ ᠵᠢᠷᠤᠭᠯᠠᠨ ᠬᠠᠮᠢᠶ᠎ᠠ ᠲᠠᠢ ᠰᠠᠯᠠᠭ᠎ᠠ ᠮᠦᠴᠢᠷ ᠤᠨ ᠬᠢᠨ ᠳ᠋ᠤ ᠮᠡᠲᠡᠬᠦᠯᠪᠡ᠃

    ᠬᠡᠬᠡᠷ᠎ᠡ ᠶᠢᠨ ᠠᠮᠢᠲᠠᠨ ᠢ ᠬᠠᠮᠠᠭᠠᠯᠠᠬᠤ ᠲᠤᠰᠬᠠᠢ ᠮᠡᠷᠭᠡᠵᠢᠯᠲᠡᠳ ᠤᠨ ᠪᠠᠶᠢᠴᠠᠭᠠᠵᠤ ᠲᠤᠲᠤᠯᠠᠭᠰᠠᠨ ᠢᠶᠡᠷ᠂ ᠡᠨᠡᠬᠦ ᠵᠡᠬᠦᠨ ᠬᠤᠶᠢᠲᠤ ᠶᠢᠨ ᠪᠠᠷᠰ ᠤᠨ ᠤᠯᠠ ᠨᠢ 16 ᠰᠠᠨᠲ᠋ᠢᠮᠧ᠋ᠲ᠋ᠷ᠂ ᠲᠠᠪᠠᠭ ᠨᠢ 10 – 11 ᠰᠠᠨᠲ᠋ᠢᠮᠧ᠋ᠲ᠋ᠷ ᠵᠤᠵᠠᠭᠠᠨ᠂ ᠠᠯᠬᠤᠮ ᠤᠨ ᠵᠠᠢ ᠨᠢ 75 ᠰᠠᠨᠲ᠋ᠢᠮᠧ᠋ᠲ᠋ᠷ᠂ ᠱᠤᠭᠤᠮᠤᠨ ᠠᠯᠬᠤᠭ᠎ᠠ ᠪᠡᠷ ᠶᠠᠪᠤᠲᠠᠭ ᠭᠡᠵᠡᠢ᠃

    《ᠠᠯᠬᠤᠲᠠᠯ ᠤᠲᠠᠭᠠᠨ ᠢᠶᠡᠷ ᠦᠵᠡᠬᠦ ᠳ᠋ᠤ ᠪᠠᠶ᠎ᠠ ᠪᠢᠯᠲᠠᠷ ᠲᠤᠮᠤ᠂ ᠦᠯᠦᠭᠴᠢᠨ ᠪᠠᠷᠰ ᠪᠠᠶᠢᠵᠤ ᠮᠡᠲᠡᠨ᠎ᠡ》 ᠭᠡᠵᠦ ᠬᠦᠮᠦᠨ ᠬᠢᠭᠡᠳ ᠠᠮᠢᠲᠤ ᠪᠤᠲᠠᠰ ᠤᠨ ᠴᠠᠭᠠᠷᠢᠭ ᠤᠨ ᠲᠦᠷᠦ ᠶᠢᠨ ᠵᠦᠪᠯᠡᠯ ᠤᠨ ᠭᠡᠰᠢᠬᠦᠨ ᠵᠧᠦ ᠬᠠᠶ ᠰᠢᠶᠠᠩ ᠲᠠᠨᠢᠯᠴᠠᠭᠤᠯᠤᠨ᠎ᠠ᠃

    ᠲᠤᠰᠬᠠᠢ ᠮᠡᠷᠭᠡᠵᠢᠯᠲᠡᠳ ᠤᠨ ᠲᠤᠶᠢᠮᠤᠴᠢᠯᠠᠭᠰᠠᠨ ᠢᠶᠡᠷ᠂ ᠰᠡᠬᠦᠯ ᠤᠨ ᠵᠢᠯ ᠤᠳ ᠲᠤ ᠬᠡᠬᠡᠷ᠎ᠡ ᠶᠢᠨ ᠵᠡᠬᠦᠨ ᠬᠤᠶᠢᠲᠤ ᠶᠢᠨ ᠪᠠᠷᠰ ᠤᠨ ᠮᠦᠷ ᠢ ᠬᠤ ᠯᠢᠨ ᠡᠴᠡ ᠤᠶᠢᠷᠠᠯᠴᠠᠭ᠎ᠠ ᠿᠤᠤ ᠡᠾᠧ᠂ ᠳ᠋ᠦᠩ ᠹᠠᠩ ᠬᠤᠩ ᠵᠡᠷᠭᠡ ᠤᠷᠤᠨ ᠡᠴᠡ ᠤᠯᠠᠨ ᠤᠲᠠᠭ᠎ᠠ ᠢᠯᠡᠷᠡᠬᠦᠯᠵᠡᠢ᠃ ᠠᠩᠬ᠎ᠠ ᠠᠯᠬᠤᠮ ᠲᠦᠰᠦᠭᠡᠯᠡᠭᠰᠡᠨ ᠢᠶᠡᠷ ᠲᠤᠮᠲᠠᠲᠤ ᠤᠷᠤᠰ ᠤᠨ ᠬᠢᠯᠢ ᠤᠷᠤᠨ ᠳ᠋ᠤ ᠬᠡᠬᠡᠷ᠎ᠡ ᠶᠢᠨ ᠵᠡᠬᠦᠨ ᠬᠤᠶᠢᠲᠤ ᠶᠢᠨ ᠪᠠᠷᠰ ᠤᠨ ᠰᠦᠷᠦᠭ ᠪᠠᠶᠢᠨ᠎ᠠ ᠭᠡᠵᠡᠢ᠃

    ᠡᠨᠡ ᠤᠨ ᠤ 3 ᠰᠠᠷ᠎ᠠ ᠪᠠ 5 ᠰᠠᠷ᠎ᠠ ᠳ᠋ᠤ ᠿᠤᠤ ᠡᠾᠧ ᠰᠢᠶᠠᠨ ᠡᠴᠡ ᠵᠡᠬᠦᠨ ᠬᠤᠶᠢᠲᠤ ᠶᠢᠨ ᠪᠠᠷᠰ ᠤᠨ ᠮᠦᠷ ᠢ ᠢᠯᠡᠷᠡᠬᠦᠯᠵᠡᠢ ; 6 ᠰᠠᠷ᠎ᠠ ᠪᠠ 7 ᠰᠠᠷ᠎ᠠ ᠳ᠋ᠤ ᠳ᠋ᠦᠩ ᠹᠠᠩ ᠬᠤᠩ ᠤᠢ ᠰᠢᠭᠤᠢ ᠶᠢᠨ ᠲᠤᠪᠴᠢᠶᠠᠨ ᠳ᠋ᠤ ᠬᠡᠬᠡᠷ᠎ᠡ ᠶᠢᠨ ᠵᠡᠬᠦᠨ ᠬᠤᠶᠢᠲᠤ ᠶᠢᠨ ᠪᠠᠷᠰ ᠠᠶᠢᠯ ᠤᠨ ᠦᠬᠡᠷ ᠢ ᠬᠠᠵᠠᠵᠤ᠂ ᠮᠦᠷ ᠢ  ᠨᠢ ᠲᠤᠲᠤᠯᠠᠵᠤ ᠲᠦᠰᠦᠭᠡᠯᠡᠭᠰᠡᠨ ᠢᠶᠡᠷ ᠡᠲᠡᠭᠡᠷ ᠪᠠᠷᠰ ᠤᠳ ᠲᠤ ᠲᠤᠮᠤ ᠵᠢᠵᠢᠭ᠌᠌ ᠪᠦᠷ ᠪᠠᠶᠢᠨ᠎ᠠ ᠭᠡᠵᠡᠢ᠃

    ᠬᠡᠬᠡᠷ᠎ᠡ ᠶᠢᠨ ᠵᠡᠬᠦᠨ ᠬᠤᠶᠢᠲᠤ ᠶᠢᠨ ᠪᠠᠷᠰ ᠪᠤᠯ ᠮᠠᠨ ᠤ ᠤᠯᠤᠰ ᠤᠨ ᠵᠡᠬᠦᠨ ᠬᠤᠶᠢᠲᠤ ᠤᠷᠤᠨ ᠪᠠ ᠤᠷᠤᠰ ᠤᠨ ᠰᠢᠪᠧᠷᠢᠶ᠎ᠠ ᠶᠢᠨ ᠬᠠᠬᠢᠷ ᠬᠦᠢᠲᠡᠨ ᠤᠷᠤᠨ ᠳ᠋ᠤ ᠲᠠᠷᠬᠠᠵᠤ ᠪᠠᠶᠢᠲᠠᠭ᠂ ᠲᠤᠭ᠎ᠠ ᠨᠢ ᠴᠦᠭᠡᠨ ᠤᠴᠢᠷ ᠡᠴᠡ ᠤᠯᠠᠨ ᠤᠯᠤᠰ ᠤᠨ ᠬᠡᠬᠡᠷ᠎ᠡ ᠶᠢᠨ ᠠᠮᠢᠲᠠᠨ ᠢ ᠬᠠᠮᠠᠭᠠᠯᠠᠬᠤ ᠰᠠᠭᠤᠷᠢ ᠮᠦᠩᠬᠦᠨ ᠤ ᠵᠤᠬᠢᠶᠠᠨ ᠪᠠᠶᠢᠭᠤᠯᠤᠯᠲᠠ ᠡᠴᠡ 《 ᠲᠡᠯᠡᠬᠡᠢ ᠶᠢᠨ ᠠᠷᠪᠠᠨ ᠲᠤᠮᠤ ᠬᠤᠪᠤᠷᠲᠠᠭᠰᠠᠨ ᠠᠮᠢᠲᠠᠨ ᠤ ᠨᠢᠭᠡ》ᠬᠡᠮᠡᠪᠡ᠃ 

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120691121394902