蒙古文网站Logo
ᠰᠢᠨᠬᠤᠸᠠ ᠮᠤᠩᠭ᠋ᠤᠯ ᠨᠧᠲ

ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠤᠨ ᠨᠠᠶ᠋ᠮᠠᠲᠤᠭᠠᠷ ᠤᠲᠠᠭᠠᠨ ᠤ ᠲᠤᠭᠤᠶᠢᠯᠠᠩ ᠤᠨ ᠲᠠᠷᠤᠭ᠎ᠠ ᠨᠠᠷ ᠤᠨ ᠬᠤᠷᠠᠯ ᠪᠤᠯᠤᠨ ᠠᠷᠪᠠᠨ ᠲᠤᠯᠤᠲᠤᠭᠠᠷ ᠤᠲᠠᠭᠠᠨ ᠤ ᠭᠡᠰᠢᠬᠦᠳ ᠤᠨ ᠬᠤᠷᠠᠯ ᠬᠦᠬᠡᠬᠤᠲᠠ ᠳ᠋ᠤ ᠬᠤᠷᠠᠯᠲᠤᠪᠠ

2017-11-22 09:56

    ᠰᠢᠨᠬᠤᠧᠠ ᠮᠤᠩᠭ᠋ᠤᠯ ᠨᠧᠲ   ᠬᠦᠬᠡᠬᠤᠲᠠ ᠶᠢᠨ 11 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ (ᠦᠵᠡᠰᠭᠦᠯᠡᠩ ) ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠤᠨ ᠨᠠᠶ᠋ᠮᠠᠲᠤᠭᠠᠷ ᠤᠲᠠᠭᠠᠨ ᠤ ᠲᠤᠭᠤᠶᠢᠯᠠᠩ ᠤᠨ ᠲᠠᠷᠤᠭ᠎ᠠ ᠨᠠᠷ ᠤᠨ ᠬᠤᠷᠠᠯ ᠪᠤᠯᠤᠨ ᠠᠷᠪᠠᠨ ᠲᠤᠯᠤᠲᠤᠭᠠᠷ ᠤᠲᠠᠭᠠᠨ ᠤ ᠭᠡᠰᠢᠬᠦᠳ ᠤᠨ ᠬᠤᠷᠠᠯ 11 ᠰᠠᠷ᠎ᠠ ᠶᠢᠨ 21 ᠤ ᠡᠲᠦᠷ ᠬᠦᠬᠡᠬᠤᠲᠠ ᠳ᠋ᠤ ᠡᠬᠢᠯᠡᠨ ᠬᠤᠷᠠᠯᠲᠤᠪᠠ᠃

    ᠬᠤᠷᠠᠯ ᠤᠨ ᠦᠶ᠎ᠠ ᠪᠡᠷ ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠤᠨ ᠲᠡᠳ᠋ ᠲᠠᠷᠤᠭ᠎ᠠ᠂ ᠠᠯᠪᠠᠨ ᠭᠡᠷ ᠤᠨ ᠡᠷᠬᠢᠯᠡᠭᠴᠢ ᠴᠢ ᠵᠢᠨ ᠢᠦᠢ ᠢᠯᠡᠳᠭᠡᠯ ᠬᠢᠵᠦ᠂ ᠬᠤᠷᠠᠯ ᠳ᠋ᠤ ᠤᠷᠤᠯᠴᠠᠭᠰᠠᠳ 《ᠨᠠᠶ᠋ᠮᠠᠨ ᠮᠤᠵᠢ ᠤᠷᠤᠨ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠤᠨ ᠠᠵᠢᠯ ᠤᠨ ᠲᠤᠭᠲᠠᠭᠠᠯ》᠂《ᠰᠢᠨ᠎ᠡ ᠴᠠᠭ ᠦᠶ᠎ᠠ ᠳ᠋ᠤ ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠭᠠᠨ ᠤ ᠠᠵᠢᠯ ᠢ ᠰᠠᠶᠢᠲᠦᠷ ᠬᠢᠬᠦ ᠲᠤᠬᠠᠢ ᠰᠠᠨᠠᠯ》᠂《ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠭᠠᠨ ᠤ ᠠᠵᠢᠯ ᠤᠨ ᠲᠤᠮᠲᠠ ᠤᠷᠲᠤ ᠬᠤᠭᠤᠴᠠᠭᠠᠨ ᠤ ᠲᠦᠯᠦᠪᠵᠢᠬᠦᠯᠭᠡ ᠶᠢᠨ ᠬᠦᠲᠦᠯᠪᠦᠷᠢ ( 2017 – 2025 ) 》᠂《ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠬᠠᠮᠵᠢᠯᠴᠠᠭᠠᠨ ᠤ ᠠᠵᠢᠯ ᠤᠨ ᠲᠦᠯᠦᠪᠵᠢᠬᠦᠯᠭᠡ ( 2017 – 2020 ) 》 ᠶᠢᠨ ᠲᠤᠭᠤᠷᠢᠨ ᠳ᠋ᠤ ᠰᠠᠨᠠᠯ ᠪᠤᠲᠤᠯ ᠶᠢᠡᠨ ᠦᠷᠭᠡᠨ ᠴᠢᠯᠦᠭᠡᠲᠡᠢ ᠶᠠᠷᠢᠯᠴᠠᠵᠠᠢ᠃

    ᠤᠶᠢᠯᠠᠭᠠᠭᠰᠠᠨ ᠶᠢᠡᠷ᠂ ᠲᠠᠷᠠᠭᠠᠴᠢ ᠶᠢᠨ ᠠᠯᠬᠤᠮ ᠳ᠋ᠤ ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠮᠤᠩᠭ᠋ᠤᠯ ᠦᠭᠡ ᠬᠡᠯᠡ ᠦᠰᠦᠭ ᠪᠢᠴᠢᠭ᠌ ᠤᠨ ᠬᠠᠦᠯᠢᠵᠢᠯᠲᠠ᠂ ᠮᠡᠲᠡᠭᠡ ᠵᠠᠩᠬᠢᠴᠢᠯᠠᠯᠲᠠ ᠶᠢᠨ ᠪᠠᠶᠢᠭᠤᠯᠤᠯᠲᠠ ᠶᠢᠨ ᠠᠵᠢᠯ ᠢ ᠦᠨᠡᠨ ᠬᠦ ᠠᠬᠢᠭᠤᠯᠵᠤ᠂ ᠮᠤᠩᠭ᠋ᠤᠯ ᠶᠢᠡᠷ ᠬᠢᠴᠢᠶᠡᠯᠯᠡᠬᠦ ᠪᠡᠷ ᠭᠤᠤᠯ ᠪᠤᠯᠭᠠᠭᠰᠠᠨ ᠦᠨᠳᠦᠰᠦᠲᠡᠨ ᠤ ᠰᠤᠷᠭᠠᠨ ᠬᠦᠮᠦᠵᠢᠯ ᠤᠨ ᠬᠠᠮᠵᠢᠯᠴᠠᠭᠠᠨ ᠤ ᠠᠵᠢᠯ ᠢ ᠴᠢᠩᠭ᠋ᠠᠳᠬᠠᠵᠤ᠂ ᠰᠤᠶᠤᠯ ᠤᠷᠠᠯᠢᠭ᠂ ᠮᠤᠩᠭ᠋ᠤᠯ ᠬᠡᠯᠡᠨ ᠤ ᠷᠠᠳᠢᠣ᠋ ᠲᠧᠯᠧᠶ᠋ᠰ᠂ ᠰᠤᠨᠢᠨ ᠮᠡᠲᠡᠭᠡ ᠬᠡᠪᠯᠡᠯ᠂ ᠤᠷᠴᠢᠭᠤᠯᠭ᠎ᠠ᠂ ᠡᠷᠲᠡᠨ ᠤ ᠰᠤᠷᠪᠤᠯᠵᠢ ᠪᠢᠴᠢᠭ᠌ ᠢ ᠡᠮᠬᠢᠳᠬᠡᠬᠦ᠂ ᠮᠤᠩᠭ᠋ᠤᠯ ᠬᠡᠯᠡ ᠪᠢᠴᠢᠭ᠌ ᠤᠨ ᠰᠤᠲᠤᠯᠭᠠᠨ ᠤ ᠠᠵᠢᠯ ᠤᠨ ᠲᠠᠯ᠎ᠠ ᠪᠡᠷ ᠦᠷᠭᠡᠨ ᠴᠢᠯᠦᠭᠡᠲᠡᠢ ᠬᠠᠮᠵᠢᠯᠴᠠᠬᠤ ᠪᠤᠯᠤᠨ᠎ᠠ᠃

    ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠪᠤᠯ 1975 ᠤᠨ ᠳ᠋ᠤ ᠲᠦᠷᠦ ᠶᠢᠨ ᠶᠠᠪᠤᠲᠠᠯ ᠤᠨ ᠬᠤᠷᠢᠶᠠᠨ ᠤ ᠵᠦᠪᠰᠢᠶᠡᠷᠡᠯ ᠲᠠᠢ ᠪᠡᠷ ᠪᠠᠶᠢᠭᠤᠯᠤᠭᠲᠠᠭᠰᠠᠨ ᠮᠤᠵᠢ ᠤᠷᠤᠨ ᠤ ᠬᠤᠭᠤᠷᠤᠨᠲᠤᠬᠢ ᠬᠡᠷᠡᠭ ᠶᠠᠪᠤᠲᠠᠯ ᠵᠦᠪᠲᠡᠯᠴᠡᠨ ᠲᠤᠬᠢᠷᠠᠯᠴᠠᠬᠤ ᠪᠠᠶᠢᠭᠤᠯᠤᠮᠵᠢ ᠶᠤᠮ᠃ ᠲᠤᠰ ᠲᠤᠭᠤᠶᠢᠯᠠᠩ ᠦᠪᠦᠷ ᠮᠤᠩᠭ᠋ᠤᠯ᠂ ᠰᠢᠨᠵᠢᠶᠠᠩ᠂ ᠬᠦᠬᠡᠨᠠᠭᠤᠷ᠂ ᠭᠠᠨᠰᠦ᠂ ᠡᠾᠧᠪᠧᠢ᠂ ᠯᠢᠶᠤᠤᠨᠢᠩ᠂ ᠭᠢᠷᠢᠨ᠂ ᠬᠠᠷᠠᠮᠦ᠋ᠷᠡᠨ ᠪᠠ ᠪᠡᠭᠡᠵᠢᠩ ᠤᠨ ᠮᠤᠩᠭ᠋ᠤᠯ ᠬᠡᠯᠡ ᠪᠢᠴᠢᠭ᠌ ᠤᠨ ᠠᠵᠢᠯ ᠤᠨ ᠬᠠᠮᠵᠢᠯᠴᠠᠬᠤ ᠲᠤᠭᠤᠶᠢᠯᠠᠩ ᠡᠴᠡ ᠪᠦᠷᠢᠯᠲᠦᠭᠰᠡᠨ ᠪᠠᠶᠢᠲᠠᠭ᠃ ᠨᠠᠮ ᠤᠨ ᠦᠨᠳᠦᠰᠦᠲᠡᠨ ᠤ ᠲᠦᠷᠦ ᠶᠢᠨ ᠪᠤᠲᠤᠯᠭ᠎ᠠ ᠪᠠ ᠦᠨᠳᠦᠰᠦᠲᠡᠨ ᠤ ᠬᠡᠯᠡᠨ ᠤ ᠲᠦᠷᠦ ᠶᠢᠨ ᠪᠤᠲᠤᠯᠭ᠎ᠠ ᠶᠢ ᠨᠠᠷᠢᠨ ᠬᠢᠨᠠᠮᠠᠭᠠᠢ ᠲᠤᠤᠱᠯᠠᠭᠤᠯᠵᠤ ᠬᠠᠮᠢᠶᠠᠲᠠᠢ ᠬᠠᠦᠯᠢ ᠲᠤᠭᠲᠠᠭᠠᠯ ᠢ ᠬᠡᠷᠡᠭᠵᠢᠬᠦᠯᠤᠨ᠂ ᠬᠠᠮᠵᠢᠯᠴᠠᠭᠠᠨ ᠤ ᠮᠤᠵᠢ ᠤᠷᠤᠨ ᠤ ᠮᠤᠩᠭ᠋ᠤᠯᠴᠤᠳ ᠤᠨ ᠰᠤᠷᠤᠯᠴᠠᠯᠭ᠎ᠠ ᠬᠡᠷᠡᠭᠯᠡᠭᠡ ᠪᠠ ᠮᠤᠩᠭ᠋ᠤᠯ ᠬᠡᠯᠡ ᠪᠢᠴᠢᠭ᠌ ᠤᠨ ᠱᠠᠭᠠᠷᠲᠠᠯᠭ᠎ᠠ ᠲᠠᠭᠠᠤ ᠮᠤᠩᠭ᠋ᠤᠯ ᠶᠢᠡᠷ ᠬᠢᠴᠢᠶᠡᠯᠯᠡᠬᠦ ᠪᠡᠷ ᠭᠤᠤᠯ ᠪᠤᠯᠭᠠᠭᠰᠠᠨ ᠦᠨᠳᠦᠰᠦᠲᠡᠨ ᠤ ᠰᠤᠷᠭᠠᠨ ᠬᠦᠮᠦᠵᠢᠯ᠂ ᠦᠨᠳᠦᠰᠦᠲᠡᠨ ᠤ ᠰᠤᠶᠤᠯ ᠤᠷᠠᠯᠢᠭ᠂ ᠮᠤᠩᠭ᠋ᠤᠯ ᠬᠡᠯᠡᠨ ᠤ ᠰᠤᠨᠢᠨ ᠮᠡᠲᠡᠭᠡ ᠬᠡᠪᠯᠡᠯ᠂ ᠷᠠᠳᠢᠣ᠋ ᠲᠧᠯᠧᠶ᠋ᠰ᠂ ᠮᠤᠩᠭ᠋ᠤᠯ ᠬᠡᠯᠡ ᠪᠢᠴᠢᠭ᠌ ᠤᠨ ᠰᠢᠨᠵᠢᠯᠡᠭᠡ ᠰᠤᠲᠤᠯᠭ᠎ᠠ᠂ ᠦᠨᠳᠦᠰᠦᠲᠡᠨ ᠤ ᠡᠷᠲᠡᠨ ᠤ ᠰᠤᠲᠤᠷ ᠪᠢᠴᠢᠭ᠌ ᠪᠠ ᠮᠤᠩᠭ᠋ᠤᠯ ᠡᠮ ᠡᠮᠨᠡᠯᠭᠡ ᠵᠡᠷᠭᠡ ᠰᠠᠯᠪᠤᠷᠢ ᠳ᠋ᠤ ᠬᠠᠮᠲᠤᠷᠠᠨ ᠠᠵᠢᠯᠯᠠᠭ᠎ᠠ ᠦᠷᠨᠢᠬᠦᠯᠲᠡᠭ᠃

    ᠬᠤᠷᠠᠯ ᠤᠨ ᠦᠶ᠎᠎ᠠ ᠪᠡᠷ ᠬᠤᠷᠠᠯ ᠳ᠋ᠤ ᠤᠷᠤᠯᠴᠠᠭᠰᠠᠳ ᠪᠠᠰᠠ 《ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠲᠠᠭᠰᠠᠨ 70 ᠵᠢᠯ ᠤᠨ ᠤᠢ ᠶᠢᠨ ᠦᠷ᠎ᠡ ᠪᠦᠲᠦᠭᠡᠯ ᠤᠨ ᠦᠵᠡᠬᠦᠯᠦᠯᠭᠡ》᠂ 《ᠨᠠᠶ᠋ᠮᠠᠨ ᠮᠤᠵᠢ ᠤᠷᠤᠨ ᠤ ᠮᠤᠩᠭ᠋ᠤᠯ ᠬᠡᠯᠡ ᠪᠢᠴᠢᠭ᠌ ᠤᠨ ᠠᠵᠢᠯ ᠤᠨ ᠬᠠᠮᠵᠢᠯᠴᠠᠭᠠᠨ ᠤ 40 ᠵᠢᠯ ᠤᠨ ᠦᠷ᠎ᠠ ᠪᠦᠲᠦᠭᠡᠯ ᠤᠨ ᠦᠵᠡᠬᠦᠯᠦᠯᠭᠡ》 ᠶ᠋ᠢ ᠲᠤᠭᠤᠷᠢᠨ ᠦᠵᠡᠵᠦ᠂ ᠦᠪᠦᠷ ᠮᠤᠩᠭ᠋ᠤᠯ ᠤᠨ ᠤᠯᠠᠨ ᠤᠯᠤᠰ ᠤᠨ ᠮᠤᠩᠭ᠋ᠤᠯ ᠡᠮᠨᠡᠯᠭᠡ ᠶᠢᠨ ᠬᠤᠷᠢᠶ᠎ᠠ᠂ ᠬᠦᠬᠡᠬᠤᠲᠠ ᠶᠢᠨ ᠮᠤᠩᠭ᠋ᠤᠯ ᠦᠨᠳᠦᠰᠦᠲᠡᠨ ᠤ ᠬᠡᠦᠬᠡᠳ ᠤᠨ ᠴᠡᠴᠡᠷᠯᠢᠭ᠌᠌ ᠶᠢᠡᠷ ᠬᠦᠷᠬᠦ ᠪᠤᠯᠤᠨ᠎ᠠ᠃

    ᠲᠤᠰ ᠤᠲᠠᠭᠠᠨ ᠤ ᠬᠤᠷᠠᠯ ᠨᠢ 11 ᠰᠠᠷ᠎ᠠ ᠶᠢᠨ 21 ᠤ ᠡᠲᠦᠷ ᠡᠴᠡ 22 ᠤᠨ ᠡᠲᠦᠷ ᠪᠤᠯᠲᠠᠯ᠎ᠠ ᠶᠠᠪᠤᠭᠲᠠᠨ᠎ᠠ᠃

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121993080