蒙古文网站Logo
ᠰᠢᠨᠬᠤᠸᠠ ᠮᠤᠩᠭ᠋ᠤᠯ ᠨᠧᠲ

ᠬᠠᠷᠠᠮᠦ᠋ᠷᠡᠨ ᠮᠤᠵᠢ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶᠠᠨ ᠳ᠋ᠤ ᠲᠤᠬᠢᠷᠠᠭᠤᠯᠤᠯᠲᠠ ᠬᠢᠪᠡ

2017-11-23 11:06

    ᠰᠢᠨᠬᠤᠧᠠ ᠬᠤᠷᠢᠶ᠎ᠠ   ᠬᠠᠷᠪᠢᠨ ᠤ 11 ᠰᠠᠷ᠎ᠠ ᠶᠢᠨ 18 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠵᠢᠶᠠᠨ ᠸᠸᠢ ) ᠰᠤᠷᠪᠤᠯᠵᠢᠯᠠᠭᠴᠢ ᠬᠠᠷᠠᠮᠦ᠋ᠷᠡᠨ ᠮᠤᠵᠢ ᠶᠢᠨ ᠪᠤᠯᠪᠠᠰᠤᠨ ᠬᠦᠴᠦᠨ ᠤ ᠰᠠᠯᠠᠭ᠎᠎ᠠ ᠮᠦᠴᠢᠷ ᠡᠴᠡ ᠤᠶᠢᠯᠠᠭᠠᠭᠰᠠᠨ ᠶᠢᠡᠷ᠂ ᠤᠯᠤᠰ ᠤᠨ ᠬᠠᠮᠢᠶᠠᠲᠠᠢ ᠲᠤᠭᠲᠠᠭᠠᠯ ᠢ ᠦᠨᠳᠦᠰᠦᠯᠡᠨ ᠰᠡᠬᠦᠯ ᠤᠨ ᠦᠶ᠎ᠠ ᠳ᠋ᠤ ᠬᠠᠷᠠᠮᠦ᠋ᠷᠡᠨ ᠮᠤᠵᠢ ᠶᠢᠨ ᠵᠠᠰᠠᠭ ᠤᠨ ᠤᠷᠲᠤᠨ 2017 ᠤᠨ ᠤ 10 ᠰᠠᠷ᠎ᠠ ᠶᠢᠨ 1 ᠤ ᠡᠲᠦᠷ ᠡᠴᠡ ᠡᠬᠢᠯᠡᠨ ᠪᠦᠬᠦ ᠮᠤᠵᠢ ᠶᠢᠨ ᠶᠢᠡᠨ ᠬᠡᠪᠴᠢᠶᠠᠨ ᠳ᠋ᠤ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶᠠᠨ ᠳ᠋ᠤ ᠲᠤᠬᠢᠷᠠᠭᠤᠯᠤᠯᠲᠠ ᠬᠢᠬᠦ ᠪᠡᠷ ᠲᠤᠭᠲᠠᠭᠰᠠᠨ ᠪᠠᠶᠢᠨ᠎ᠠ᠃

    ᠲᠤᠬᠢᠷᠠᠭᠤᠯᠤᠯᠲᠠ ᠬᠢᠭ᠍ᠰᠡᠨ ᠤ ᠲᠠᠷᠠᠭ᠎ᠠ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶ᠎ᠠ ᠶᠢ ᠭᠤᠷᠪᠠᠨ ᠵᠡᠷᠭᠡᠯᠡᠯ ᠬᠤᠪᠢᠶᠠᠪᠠ᠃ ᠨᠢᠭᠡᠲᠦᠭᠡᠷ ᠵᠡᠷᠭᠡᠯᠡᠯ ᠳ᠋ᠤ ᠬᠠᠷᠪᠢᠨ ᠬᠤᠲᠠ ᠲᠤᠭᠤᠷᠢᠭ ( ᠬᠤ ᠯᠠᠨ ᠲᠤᠭᠤᠷᠢᠭ᠂ ᠠ ᠴᠧᠩ ᠲᠤᠭᠤᠷᠢᠭ᠂ ᠱᠤᠧᠠᠩ ᠴᠧᠩ ᠲᠤᠭᠤᠷᠢᠭ ᠡᠴᠡ ᠭᠠᠲᠠᠨ᠎ᠠ)᠂ ᠳ᠋ᠠᠴᠢᠩ ᠲᠤᠭᠤᠷᠢᠭ 1680 ᠲᠦᠭᠦᠷᠢᠭ᠌ ; ᠬᠤᠶᠠᠲᠤᠭᠠᠷ ᠵᠡᠷᠭᠡᠯᠡᠯ ᠳ᠋ᠤ ᠴᠢᠴᠢᠬᠠᠷ᠂ ᠮᠦᠳᠠᠨᠵᠢᠶᠠᠩ ( ᠰᠦᠢ ᠹᠧᠨ ᠡᠾᠧ ᠬᠤᠲᠠ ᠶᠢ ᠪᠠᠭᠲᠠᠭᠠᠨ᠎ᠠ )᠂ ᠵᠢᠶᠠ ᠮᠦ ᠰᠧ ( ᠹᠦ᠋ ᠶᠤᠧᠠᠨ ᠬᠤᠲᠠ ᠶᠢ ᠪᠠᠭᠲᠠᠭᠠᠨ᠎ᠠ ) ᠂ ᠵᠢᠢ ᠰᠢ᠂ ᠡᠾᠧ ᠭᠠᠩ᠂ ᠱᠤᠧᠠᠩ ᠶᠠ ᠱᠠᠨ᠂ ᠴᠢ ᠳ᠋ᠠᠢ ᠡᠾᠧ᠂ ᠰᠦᠢ ᠬᠤᠧᠠ ᠬᠤᠲᠠ ᠲᠤᠭᠤᠷᠢᠭ ᠵᠢᠴᠢ ᠬᠠᠷᠪᠢᠨ ᠬᠤᠲᠠ ᠲᠤᠭᠤᠷᠢᠭ ᠤᠨ ᠬᠤ ᠯᠠᠨ ᠲᠤᠭᠤᠷᠢᠭ᠂ ᠠ ᠴᠧᠩ ᠲᠤᠭᠤᠷᠢᠭ 1450 ᠲᠦᠭᠦᠷᠢᠭ᠌ ; ᠭᠤᠷᠪᠠᠲᠤᠭᠠᠷ ᠵᠡᠷᠭᠡᠯᠡᠯ ᠢ ᠴᠦ᠋ᠨ᠂ ᠡᠾᠸᠢ ᠾᠧ ᠬᠤᠲᠠ ᠲᠤᠭᠤᠷᠢᠭ᠂ ᠶᠡᠬᠡ ᠬᠢᠩᠭ᠋ᠠᠨ ᠲᠠᠪᠠᠭᠠᠨ ᠤ ᠤᠷᠤᠨ᠂ ᠬᠠᠷᠪᠢᠨ ᠬᠤᠲᠠ ᠲᠤᠭᠤᠷᠢᠭ ᠤᠨ ᠱᠤᠧᠠᠩ ᠴᠧᠩ ᠲᠤᠭᠤᠷᠢᠭ᠂ ᠡᠯ᠎ᠡ ᠰᠢᠶᠠᠨ ( ᠬᠤᠲᠠ) ᠳᠤ 1270 ᠲᠦᠭᠦᠷᠢᠭ᠌ ᠪᠤᠯᠤᠨ᠎ᠠ᠃

    ᠮᠦᠨ ᠲᠤᠬᠢᠷᠠᠭᠤᠯᠤᠯᠲᠠ ᠬᠢᠭ᠍ᠰᠡᠨ ᠤ ᠲᠠᠷᠠᠭ᠎ᠠ ᠬᠠᠷᠠᠮᠦ᠋ᠷᠡᠨ ᠮᠤᠵᠢ ᠶᠢᠨ ᠴᠠᠭ ᠪᠦᠷᠢ ᠶᠢᠨ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶᠠᠨ ᠳ᠋ᠤ ᠲᠤᠬᠢᠷᠠᠭᠤᠯᠤᠯᠲᠠ ᠬᠢᠪᠡ᠃ ᠨᠢᠭᠡᠲᠦᠭᠡᠷ ᠵᠡᠷᠭᠡᠯᠡᠯ ᠳ᠋ᠤ ᠬᠠᠷᠪᠢᠨ ᠬᠤᠲᠠ ᠲᠤᠭᠤᠷᠢᠭ (ᠬᠤ ᠯᠠᠨ ᠲᠤᠭᠤᠷᠢᠭ᠂ ᠠ ᠴᠧᠩ ᠲᠤᠭᠤᠷᠢᠭ᠂ ᠱᠤᠧᠠᠩ ᠴᠧᠩ ᠲᠤᠭᠤᠷᠢᠭ ᠡᠴᠡ ᠭᠠᠲᠠᠨ᠎ᠠ)᠂ ᠳ᠋ᠠᠴᠢᠩ ᠲᠤᠭᠤᠷᠢᠭ 16 ᠲᠦᠭᠦᠷᠢᠭ᠌ ; ᠬᠤᠶᠠᠲᠤᠭᠠᠷ ᠵᠡᠷᠭᠡᠯᠡᠯ ᠳ᠋ᠤ ᠴᠢᠴᠢᠬᠠᠷ᠂ ᠮᠦᠳᠠᠨᠵᠢᠶᠠᠩ ( ᠰᠦᠢ ᠹᠧᠨ ᠡᠾᠧ ᠬᠤᠲᠠ ᠶᠢ ᠪᠠᠭᠲᠠᠭᠠᠨ᠎ᠠ )᠂ ᠵᠢᠶᠠ ᠮᠦ ᠰᠧ ( ᠹᠦ᠋ ᠶᠤᠧᠠᠨ ᠬᠤᠲᠠ ᠶᠢ ᠪᠠᠭᠲᠠᠭᠠᠨ᠎ᠠ ) ᠂ ᠵᠢᠢ ᠰᠢ᠂ ᠡᠾᠧ ᠭᠠᠩ᠂ ᠱᠤᠧᠠᠩ ᠶᠠ ᠱᠠᠨ᠂ ᠴᠢ ᠳ᠋ᠠᠢ ᠡᠾᠧ᠂ ᠰᠦᠢ ᠬᠤᠧᠠ ᠬᠤᠲᠠ ᠲᠤᠭᠤᠷᠢᠭ ᠵᠢᠴᠢ ᠬᠠᠷᠪᠢᠨ ᠬᠤᠲᠠ ᠲᠤᠭᠤᠷᠢᠭ ᠤᠨ ᠬᠤ ᠯᠠᠨ ᠲᠤᠭᠤᠷᠢᠭ᠂ ᠠ ᠴᠧᠩ ᠲᠤᠭᠤᠷᠢᠭ 13 ᠲᠦᠭᠦᠷᠢᠭ᠌ ; ᠭᠤᠷᠪᠠᠲᠤᠭᠠᠷ ᠵᠡᠷᠭᠡᠯᠡᠯ ᠢ ᠴᠦ᠋ᠨ᠂ ᠡᠾᠸᠢ ᠾᠧ ᠬᠤᠲᠠ ᠲᠤᠭᠤᠷᠢᠭ᠂ ᠶᠡᠬᠡ ᠬᠢᠩᠭ᠋ᠠᠨ ᠲᠠᠪᠠᠭᠠᠨ ᠤ ᠤᠷᠤᠨ᠂ ᠬᠠᠷᠪᠢᠨ ᠬᠤᠲᠠ ᠲᠤᠭᠤᠷᠢᠭ ᠤᠨ ᠱᠤᠧᠠᠩ ᠴᠧᠩ ᠲᠤᠭᠤᠷᠢᠭ᠂ ᠡᠯ᠎ᠡ ᠰᠢᠶᠠᠨ ( ᠬᠤᠲᠠ) ᠳ᠌ᠤ 12 ᠲᠦᠭᠦᠷᠢᠭ᠌ ᠪᠤᠯᠤᠨ᠎ᠠ᠃

    ᠬᠠᠷᠠᠮᠦ᠋ᠷᠡᠨ ᠮᠤᠵᠢ ᠶᠢᠨ ᠪᠤᠯᠪᠠᠰᠤᠨ ᠬᠦᠴᠦᠨ ᠤ ᠰᠠᠯᠠᠭ᠎ᠠ ᠮᠦᠴᠢᠷ ᠤᠨ ᠬᠢᠨ ᠡᠯ᠎ᠡ ᠲᠦᠷᠦᠯ ᠤᠨ ᠬᠦᠮᠦᠨ ᠬᠡᠷᠡᠭᠯᠡᠬᠦ ᠪᠠᠶᠢᠭᠤᠯᠤᠯᠭ᠎ᠠ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶᠠᠨ ᠤ ᠲᠤᠬᠢᠷᠠᠭᠤᠯᠤᠯᠲᠠ ᠶᠢ ᠴᠢᠩᠭ᠋᠎ᠠ ᠬᠡᠷᠡᠭᠵᠢᠬᠦᠯᠬᠦ ᠶᠢ ᠱᠠᠭᠠᠷᠲᠠᠵᠤ᠂ ᠲᠤᠬᠢᠷᠠᠭᠤᠯᠤᠯᠲᠠ ᠬᠢᠭ᠍ᠰᠡᠨ ᠤ ᠲᠠᠷᠠᠭᠠᠬᠢ ᠪᠦᠬᠦ ᠮᠤᠵᠢ ᠶᠢᠨ ᠬᠡᠪᠴᠢᠶᠠᠨ ᠤ ᠬᠠᠮᠤᠭ ᠤᠨ ᠲᠤᠤᠷ᠎ᠠ ᠴᠠᠯᠢᠩ ᠢ ᠠᠵᠢᠯᠲᠠᠳ ᠲᠠᠭᠠᠨ ᠮᠡᠲᠡᠬᠦᠯᠬᠦ ᠬᠡᠷᠡᠭᠲᠡᠢ ᠭᠡᠵᠡᠢ᠃ ᠠᠵᠢᠯᠲᠠᠳ ᠬᠡᠪ ᠤᠨ ᠠᠵᠢᠯ ᠶᠢᠡᠨ ᠪᠠᠲᠤᠯᠠᠭᠰᠠᠨ ᠤᠷᠢᠲᠠᠯ ᠳ᠋ᠤ ᠬᠦᠮᠦᠨ ᠬᠡᠷᠡᠭᠯᠡᠬᠦ ᠪᠠᠶᠢᠭᠤᠯᠤᠯᠭ᠎ᠠ ᠨᠢᠭᠡᠴᠡ ᠬᠠᠦᠯᠢ ᠶᠤᠰᠤᠭᠠᠷ ᠬᠦᠲᠡᠯᠮᠦᠷᠢᠯᠡᠭᠴᠢ ᠶᠢᠨ ᠬᠦᠯᠦᠰᠤ ᠤᠯᠭᠤᠮᠵᠢ ᠶᠢ ᠦ᠍᠍ᠭ᠍ᠬᠦ ᠬᠡᠷᠡᠭᠲᠡᠢ᠂ ᠲᠤᠬᠠᠢ ᠶᠢᠨ ᠭᠠᠵᠠᠷ ᠤᠨ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶᠠᠨ ᠡᠴᠡ ᠲᠤᠤᠷ᠎ᠠ ᠪᠠᠶᠢᠯᠭᠠᠵᠤ ᠪᠤᠯᠬᠤ ᠦᠭᠡᠢ ᠭᠡᠵᠡᠢ᠃ ᠬᠡᠷᠪᠡ ᠬᠦᠲᠡᠯᠮᠦᠷᠢᠯᠡᠭᠴᠢ ᠪᠠ ᠬᠦᠮᠦᠨ ᠬᠡᠷᠡᠭᠯᠡᠬᠦ ᠪᠠᠶᠢᠭᠤᠯᠤᠯᠭ᠎ᠠ ᠨᠢᠭᠡᠴᠡ ᠶᠢᠨ ᠬᠤᠭᠤᠷᠤᠨᠲᠤ ᠬᠠᠮᠤᠭ ᠤᠨ ᠲᠤᠤᠷ᠎ᠠ ᠴᠠᠯᠢᠩ ᠤᠨ ᠪᠠᠷᠢᠮᠵᠢᠶᠠᠨ ᠤ ᠲᠤᠭᠲᠠᠭᠠᠯ ᠡᠴᠡ ᠵᠦᠷᠢᠴᠡᠭᠰᠡᠨ ᠠᠵᠢᠯᠯᠠᠭ᠎ᠠ ᠪᠠᠶᠢᠪᠠᠯ ᠬᠦᠲᠡᠯᠮᠦᠷᠢ ᠶᠢᠨ ᠵᠦᠷᠢᠴᠡᠯ ᠤᠨ ᠠᠷᠭ᠎ᠠ ᠪᠡᠷ ᠰᠢᠢᠳᠪᠦᠷᠢᠯᠡᠵᠦ ᠪᠤᠯᠤᠨ᠎ᠠ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120791121999675