蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ ᠤᠨ ᠬᠤᠪᠤᠭᠰᠠᠶᠢᠷ ᠰᠢᠶᠠᠨ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶ᠋ᠢ ᠮᠢᠩᠭ᠎ᠠ ᠲᠦᠮᠠᠨ ᠡᠷᠤᠭᠡ ᠳ᠋ᠤ ᠤᠬᠠᠭᠤᠯᠵᠦ ᠪᠠᠶᠢᠨ᠎ᠠ

2017-12-04 18:29

    ᠰᠢᠨᠬᠤᠧᠠ ᠮᠤᠩᠭ᠋ᠤᠯ ᠨᠧᠲ  ᠬᠦᠬᠡᠬᠤᠳᠠ ᠶᠢᠨ 12 ᠰᠠᠷ᠎ᠠ ᠶᠢᠨ 4 ᠤ ᠡᠳᠦᠷ ᠤᠨ ᠴᠠᠬᠢᠯᠭᠠᠨ ᠮᠡᠳᠡᠬᠡ  ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ᠠᠮᠵᠢᠯᠲᠠ ᠲᠠᠢ ᠦᠨᠳᠦᠷᠯᠡᠭᠰᠡᠨ ᠡᠴᠡ ᠨᠠᠰᠢ᠂ ᠰᠢᠨᠵᠢᠶᠠᠩ ᠤᠨ ᠬᠤᠪᠤᠭᠰᠠᠶᠢᠷ ᠰᠢᠶᠠᠨ《ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶᠢ ᠮᠢᠩᠭ᠋᠋ᠠᠨ ᠠᠶᠢᠯ ᠲᠦᠮᠠᠨ ᠡᠷᠤᠭᠡ ᠳ᠋ᠤ ᠤᠬᠠᠭᠤᠯᠬᠤ》 ᠭᠦᠳᠦᠯᠪᠤᠷᠢ ᠶ᠋ᠢ ᠭᠦᠨᠵᠠᠭᠡᠢ ᠦᠷᠨᠢᠭᠦᠯᠵᠤ᠂ ᠪᠦᠭᠦ ᠰᠢᠶᠠᠨ  ᠤ 220 ᠤᠬᠠᠭᠤᠯᠤᠨ ᠳᠠᠶᠢᠯᠪᠤᠷᠢᠯᠠᠭᠴᠢ ᠠᠵᠤ ᠠᠬᠤᠶᠢᠯᠠᠯ᠂ ᠠᠯᠪᠠᠨ ᠪᠠᠶᠢᠭᠤᠯᠤᠯᠭ᠎ᠠ᠂ ᠰᠤᠷᠭᠠᠭᠤᠯᠢ᠂ ᠴᠠᠷᠢᠭ᠌ ‍ᠤᠨ ᠬᠤᠧᠠᠷᠠᠨ᠂ ᠭᠦᠳᠠᠭᠡ ᠲᠤᠰᠬᠤᠨ᠂ ᠨᠠᠶᠢᠭᠡᠮ ᠲᠤᠭᠤᠷᠢᠭ᠂ ᠭᠢᠯᠢ ᠭᠢᠵᠠᠭᠠᠷ ᠤᠨ ᠮᠠᠯᠵᠢᠬᠤ ᠤᠷᠤᠨ ᠳ᠋ᠤ ᠭᠦᠨᠵᠡᠭᠡᠶᠢᠷᠡᠵᠤ᠂ ᠤᠷᠳᠤ ᠶ᠋ᠢᠨ ᠲᠠᠭᠤᠤ ᠲᠠᠭᠤᠯᠠᠬᠤ᠂ ᠳᠤᠮᠪᠤᠷ ᠬᠦᠭᠵᠢᠮᠳᠡᠬᠦ᠂ ᠱᠠᠩᠨᠠᠯ ᠲᠠᠢ ᠠᠰᠠᠭᠤᠯᠳᠠ ᠵᠠᠷᠭᠡ ᠤᠯᠠᠨ ᠭᠡᠯᠪᠠᠷᠢ ᠪᠠᠷ ᠣᠬᠠᠭᠤᠯᠤᠨ ᠲᠠᠢᠢᠯᠪᠤᠷᠢᠯᠠᠵᠦ᠂ ᠪᠤᠳᠠᠳᠤ ᠦᠢᠯᠠᠳᠤᠯᠭᠡ ᠪᠠᠷ ᠶᠢᠡᠨ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶ᠋ᠢ ᠡᠷᠤᠭᠡ ᠪᠦᠷᠢ ᠳ᠋ᠤ ᠤᠬᠠᠭᠤᠯᠵᠦ ᠪᠠᠶᠢᠨ᠎ᠠ᠃

    ᠶᠠᠭᠡ ᠤᠷᠳᠤᠪᠤᠯᠠᠭ ᠮᠠᠯᠵᠢᠬᠤ ᠲᠠᠯᠠᠪᠠᠢ ᠶ᠋ᠢᠨ ᠠᠷᠠᠳ ‍ᠤᠨ ᠤᠷᠠᠯᠢᠭᠴᠢᠨ᠂ ᠤᠬᠠᠭᠤᠯᠤᠨ ᠳᠠᠶᠢᠯᠪᠤᠷᠢᠯᠠᠭᠴᠢ ᠡᠷᠯᠠᠨᠬᠠᠨ·ᠤᠴᠢᠲ᠋ᠠᠨ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ᠬᠤᠷᠠᠯᠳᠤᠭᠰᠠᠨ ᠡᠴᠡ ᠨᠠᠰᠢ᠂ ᠦᠪᠠᠷ ‍ᠤᠨ ᠤᠨᠴᠠᠯᠢᠭ ᠢᠶᠡᠨ ᠪᠠᠳᠠᠷᠠᠭᠤᠯᠤᠨ ᠳᠤᠮᠪᠤᠷᠳᠡᠨ ᠲᠠᠭᠤᠯᠠᠵᠤ ᠲᠤᠰᠬᠤᠨ ᠤ ᠠᠷᠠᠳ ᠲᠤ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶ᠋ᠢ ᠤᠬᠠᠭᠤᠯᠪᠠ᠃ ᠲᠠᠷᠠ ᠭᠡᠯᠠᠭᠦ ᠳᠤ ᠪᠡᠨ᠂ ᠦᠨᠳᠤᠰᠤᠨ ᠱᠠᠳᠤᠨ ᠤ ᠤᠬᠠᠭᠤᠯᠤᠨ ᠳᠠᠶᠢᠯᠪᠤᠷᠢᠯᠠᠭᠴᠢ ᠪᠤᠯᠤᠭᠰᠡᠨ ᠤ ᠬᠤᠪᠢ ᠳ᠋ᠤ᠂ ᠦᠪᠠᠷ ‍ᠤᠨ ᠤᠨᠴᠠᠯᠢᠭ ᠢᠶᠡᠨ ᠪᠠᠳᠠᠷᠠᠭᠤᠯᠤᠨ ᠤᠯᠠᠨ ᠲᠦᠮᠠᠨ ᠬᠠᠮᠢᠭ᠎ᠠ ᠪᠠᠶᠢᠪᠠᠯ ᠲᠠᠨᠳᠠ ᠭᠦᠷᠴᠤ ᠤᠬᠠᠭᠤᠯᠤᠨ ᠶᠠᠷᠢᠵᠤ᠂ ᠨᠠᠩ ᠤᠯᠠᠨ ᠭᠦᠮᠤᠰ ᠲᠤ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠠᠷᠠᠳ ᠲᠤ ᠠᠰᠢᠭᠳᠠᠢ ᠲᠦᠷᠤ ᠶ᠋ᠢᠨ ᠪᠤᠳᠤᠯᠭ᠎ᠠ ᠶᠢ ᠮᠠᠳᠠᠭᠦᠯᠤᠨ᠎ᠠ ᠭᠡᠪᠠ᠃

    ᠬᠤᠪᠤᠭᠰᠠᠶᠢᠷ ᠰᠢᠶᠠᠨ ᠪᠠᠰᠠ《ᠵᠠᠩᠭ᠋᠋ᠠᠷ》 ᠤᠬᠠᠭᠤᠯᠤᠨ ᠳᠠᠶᠢᠯᠪᠤᠷᠢᠯᠠᠬᠤ ᠪᠠᠭ ᠪᠠᠶᠢᠭᠤᠯᠪᠠ᠂ ᠡᠨᠡᠬᠦ ᠪᠠᠭ ᠨᠢ ᠡᠯ᠎ᠠ ᠦᠨᠳᠤᠰᠤᠳᠠᠨ ᠤ 23 ᠭᠡᠰᠢᠭᠦᠨ ᠢᠶᠡᠷ ᠪᠦᠷᠢᠯᠳᠤᠵᠤ ᠨᠡᠶᠢᠭᠡᠮ ᠲᠤᠭᠤᠷᠢᠭ᠂ ᠲᠤᠰᠬᠤᠨ᠂ ᠭᠢᠯᠢ ᠭᠢᠵᠠᠭᠠᠷ ᠤᠨ ᠮᠠᠯᠴᠢᠳ ᠤᠨ ᠭᠡᠷ ᠲᠤ ᠭᠦᠷᠴᠤ᠂ ᠤᠶᠢᠯᠠᠭᠠᠬᠤ ᠳᠤ ᠳᠦᠭᠦᠮ ᠭᠡᠯᠪᠠᠷᠢ ᠪᠠᠷ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶᠢ ᠤᠯᠠᠨ ᠲᠦᠮᠠᠨ ᠳ᠋ᠤ ᠬᠦᠷᠭᠡᠵᠤ ᠪᠠᠶᠢᠨ᠎ᠠ᠃

    ᠬᠤᠪᠤᠭᠰᠠᠶᠢᠷ ᠪᠠᠯᠭᠠᠰᠤᠨ ᠤ ᠪᠠᠶᠠᠨᠰᠢᠷᠠᠭ ᠨᠠᠶᠢᠭᠡᠮ ᠲᠤᠭᠤᠷᠢᠭ ᠤᠨ《ᠮᠠ ᠯᠠᠨ ᠬᠤᠸᠠ》ᠤᠬᠠᠭᠤᠯᠤᠨ ᠳᠠᠶᠢᠯᠪᠤᠷᠢᠯᠠᠬᠤ ᠪᠠᠭ ᠤᠨ ᠬᠢᠨ ᠦᠷᠭᠦᠯᠵᠢ ᠵᠤᠭᠢᠶᠠᠨ ᠪᠦᠲᠦᠭᠡᠭᠰᠡᠨ ᠱᠤᠭ ᠶᠠᠷᠢᠶ᠎ᠠ  ᠪᠡᠷ ᠶᠢᠡᠨ ᠰᠠᠭᠤᠭᠠᠯᠢ ᠠᠷᠠᠳ ᠲᠤ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶ᠋ᠢ ᠤᠬᠠᠭᠤᠯᠳᠠᠬ᠃ 《ᠤᠬᠠᠭᠤᠯᠤᠨ ᠳᠠᠶᠢᠯᠪᠤᠷᠢᠯᠠᠬᠤ ᠠᠭᠤᠯᠭ᠎ᠠ ᠪᠠᠶᠠᠯᠢᠭ ᠪᠠᠶᠢᠨ᠎ᠠ᠂ ᠤᠯᠠᠨ ᠬᠡᠯᠪᠡᠷᠢ ᠪᠠᠷ ᠨᠠᠮ ‍ᠤᠨ ᠠᠷᠪᠠ ᠶᠢᠰᠤᠳᠤᠭᠡᠷ ᠶᠠᠭᠡ ᠬᠤᠷᠠᠯ ‍ᠤᠨ ᠵᠤᠷᠢᠭ ᠰᠠᠨᠠᠭ᠎ᠠ ᠶ᠋ᠢ ᠪᠢᠳᠠᠨ ᠳ᠋ᠤ ᠤᠶᠢᠯᠠᠭᠠᠭᠤᠯᠵᠤ ᠪᠠᠶᠢᠨ᠎ᠠ》 ᠭᠡᠵᠤ ᠰᠠᠭᠤᠭᠠᠯᠢ ᠠᠷᠠᠳ ᠴᠧᠨ ᠶᠠᠨ ᠬᠤᠩ ᠶᠠᠷᠢᠨ᠎ᠠ᠃ (ᠰᠢᠨᠵᠢᠶᠠᠩ ᠤᠨ ᠬᠤᠪᠤᠭᠰᠠᠶᠢᠷ ᠰᠢᠶᠠᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠪᠤᠯᠭᠤᠨ)

ᠢᠷᠡᠯᠳᠡ᠄ ᠰᠢᠨᠬᠤᠸᠠ ᠮᠣᠩᠭᠣᠯ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122055843