蒙古文网站Logo
ᠰᠢᠨᠬᠤᠸᠠ ᠮᠤᠩᠭ᠋ᠤᠯ ᠨᠧᠲ

2018 ᠤᠨ ᠤ ᠠᠩᠬᠠᠨ ᠤ ᠴᠠᠰᠤ @ ᠴᠢᠩᠬᠢᠰ ᠬᠠᠭᠠᠨ ᠤ ᠤᠩᠭ᠋ᠤᠨ

2018-01-04 17:02

( ᠵᠢᠷᠤᠭ ᠢ ᠴᠢᠩᠬᠢᠰ ᠬᠠᠭᠠᠨ ᠤ ᠤᠩᠭ᠋ᠤᠨ ᠤ ᠵᠢᠭᠤᠯᠴᠢᠯᠠᠯ ᠤᠨ ᠤᠷᠤᠨ ᠤ ᠵᠢᠨ ᠪᠤᠤ )

    ᠡᠵᠡᠨ ᠰᠠᠩ 

 

    ᠡᠤᠸᠮ ᠮᠠ ᠬᠤᠩ᠂ ᠡᠤᠸᠮ ᠮᠠ ᠬᠤᠩ᠂ ᠡᠤᠸᠮ ᠮᠠ ᠬᠤᠩ

    ᠵᠠ!ᠯᠠᠮ᠎ᠠ ᠢᠲᠠᠮ ᠭᠤᠷᠪᠠᠨ ᠴᠤᠬᠠᠭ ᠲᠡᠭᠡᠳᠦ ᠪᠡᠷ ᠡᠬᠢᠯᠡᠨ

    ᠰᠤᠲᠤ ᠪᠤᠭᠲᠠ ᠴᠢᠩᠬᠢᠰ ᠬᠠᠭᠠᠨ ᠲᠤᠲᠤᠭᠠᠲᠤ ᠨᠦᠬᠦᠳᠯᠠᠷ

    ᠵᠢᠷᠭᠠᠯᠠᠩᠲᠤ ᠰᠤᠲᠠᠷᠠᠰᠤᠨ ᠤᠷᠲᠤ ᠬᠠᠷᠰᠢ ᠡᠴᠡᠭᠡᠨ

    ᠵᠠᠶᠠᠭᠠᠲᠤ ᠲᠦᠰᠢᠮᠡᠳ ᠪᠠ ᠨᠦᠬᠦᠳ ᠰᠡᠯᠲᠡ ᠪᠦᠭᠦᠲᠡ

    ᠶᠠᠮᠪᠠᠷ ᠪᠠᠰᠠ ᠠᠯᠢᠨ ᠠᠲᠠ ᠤᠷᠤᠰᠢᠭᠰᠠᠨ ᠲᠡᠭᠷᠢ ᠯᠤᠤᠰ

    ᠶᠠᠭᠴᠠ ᠷᠠᠭᠴᠠ ᠭᠠᠵᠠᠷ ᠤᠰᠤᠨ ᠡᠵᠡᠳ ᠲᠤᠭᠰᠢᠳ ᠪᠦᠬᠦᠲᠡ

    ᠦᠢᠯᠡᠰ ᠬᠦᠰᠡᠯ ᠬᠠᠩᠭ᠋ᠠᠬᠤᠶ᠎ᠠ ᠤᠷᠢᠨ ᠡᠨᠳᠡ ᠵᠠᠯᠠᠷ᠎ᠠ

    ᠦᠢᠯᠡᠰᠢ ᠦᠭᠡᠢ ᠡᠷᠳᠡᠨᠢ ᠪᠡᠷ ᠪᠡᠯᠡᠳᠦᠭᠰᠡᠨ ᠲᠠᠪᠴᠠᠩ ᠲᠤᠷ

    ᠨᠠᠶ᠋ᠮᠠᠨ ᠪᠠᠳᠮ᠎ᠠ ᠶᠢᠨ ᠦᠵᠡᠰᠭᠦᠯᠡᠩ ᠲᠠᠪᠢᠰᠭᠡᠷ ᠤᠨ ᠲᠡᠭᠡᠷ᠎ᠡ

    ᠨᠠᠶᠢᠷᠠᠭ ᠲᠡᠬᠦᠰ ᠰᠠᠬᠢᠭᠤᠯᠰᠤᠨ ᠶᠡᠬᠡ ᠴᠠᠭᠠᠨ ᠤᠪᠠᠰᠢ

    ᠪᠦᠷᠢᠨ ᠨᠦᠬᠦᠳ ᠲᠤᠲᠤᠭᠠᠲᠤ ᠲᠦᠰᠢᠮᠡᠳ ᠪᠠ ᠲᠡᠭᠷᠢ ᠯᠤᠤᠰ

    ᠪᠦᠬᠦᠲᠡᠭᠡᠷ ᠪᠠᠶᠠᠰᠤᠭᠠᠳ ᠪᠠᠲᠤ ᠰᠠᠭᠤᠨ ᠰᠤᠶᠤᠷᠬ᠎ᠠ!

    ᠠᠷᠢᠭᠤᠨ ᠲᠠᠬᠢᠯ ᠰᠡᠳᠭᠢᠯ ᠯᠤᠭᠡ ᠵᠤᠬᠢᠯᠲᠤᠬᠤ ᠶᠢᠨ ᠡᠭᠦᠨ ᠯᠤᠭᠡ

    ᠵᠠᠭᠤᠨ ᠠᠮᠲᠠ ᠪᠦᠷᠢᠲᠦᠭᠰᠡᠨ ᠢᠲᠡᠭᠡᠨ ᠤ ᠲᠡᠭᠡᠵᠢ

    ᠰᠦᠨ ᠤ ᠠᠮᠲᠠ ᠪᠦᠷᠢᠲᠦᠭᠰᠡᠨ ᠷᠠᠰᠢᠶᠠᠨ ᠤ ᠰᠢᠮ᠎ᠡ ᠪᠡᠷ

    ᠰᠤᠲᠤ ᠪᠤᠭᠲᠠ ᠴᠢᠩᠬᠢᠰ ᠬᠠᠭᠠᠨ ᠨᠦᠬᠦᠳᠯᠡᠷ ᠢ ᠲᠠᠬᠢᠮᠤᠢ᠃

    ᠪᠠᠲᠠᠷᠠᠩᠭ᠋ᠤᠢ ᠭᠠᠯ ᠤᠨ ᠴᠤᠭᠴᠠ ᠮᠠᠰᠢ ᠰᠠᠶᠢᠲᠦᠷ ᠪᠠᠲᠠᠷᠠ!

    ᠪᠠᠲᠠᠷᠠᠩᠭ᠋ᠤᠢ ᠶᠢᠨ ᠵᠤᠯᠠ ᠪᠦᠭᠡᠳ ᠵᠤᠯᠠᠰ ᠶᠢᠡᠷ ᠲᠠᠬᠢᠮᠤᠢ᠃

    ᠽᠠᠨᠳ᠋ᠠᠨ ᠬᠦᠬᠦᠯ ᠠᠷᠴᠠ ᠬᠦᠵᠢ ᠲᠦᠯᠡᠭᠰᠡᠨ ᠤ ᠦᠨᠦᠳ ᠶᠢᠡᠷ

    ᠰᠠᠩ ᠤᠨ ᠶᠡᠬᠡ ᠦᠯᠡᠮᠵᠢᠲᠦ ᠦᠨᠦᠳ ᠶᠢᠡᠷ ᠲᠠᠬᠢᠮᠤᠢ᠃

    ᠵᠠ!ᠰᠤᠲᠤ ᠪᠤᠭᠲᠠ ᠴᠢᠩᠬᠢᠰ ᠬᠠᠭᠠᠨ ᠨᠦᠬᠦᠳ ᠯᠤᠭᠡ ᠨᠢᠭᠡᠨ᠎ᠡ

    ᠪᠦᠬᠦᠲᠡᠭᠡᠷ ᠠᠷᠢᠭᠤᠨ ᠶᠡᠬᠡ ᠲᠠᠬᠢᠯ ᠶᠢᠡᠨ ᠵᠤᠭᠤᠭᠯᠠ!

    ᠬᠠᠮᠤᠭ ᠲᠦᠢᠳᠭᠡᠷ ᠠᠮᠤᠷᠯᠠᠬᠤᠢ ᠶᠢᠨ ᠰᠢᠳᠢ ᠶᠢ ᠦᠭ᠍ᠬᠦᠨ ᠰᠤᠶᠤᠷᠬ᠎ᠠ!

    ᠡᠮᠬᠡᠭ᠌ ᠠᠲᠠ ᠠᠮᠤᠷᠯᠠᠬᠤᠢ ᠶᠢᠨ ᠰᠢᠲᠢ ᠶᠢ ᠦᠭ᠍ᠬᠦᠨ ᠰᠤᠶᠤᠷᠬ᠎ᠠ!

    ᠪᠤᠷᠤᠭᠤ ᠲᠡᠮᠡᠴᠡᠯ ᠠᠮᠤᠷᠯᠠᠬᠤᠢ ᠶᠢᠨ ᠰᠢᠳᠢ ᠶᠢ ᠦᠭ᠍ᠬᠦᠨ ᠰᠤᠶᠤᠷᠬ᠎ᠠ!

    ᠪᠤᠶᠠᠨ ᠬᠡᠰᠢᠭ᠌ ᠲᠡᠯᠭᠡᠷᠡᠬᠦᠢ ᠶᠢᠨ ᠰᠢᠲᠢ ᠶᠢ ᠦᠭ᠍ᠬᠦᠨ ᠰᠤᠶᠤᠷᠬ᠎ᠠ!

    ᠤᠶᠤᠨ ᠪᠢᠯᠢᠭ᠌ ᠨᠡᠮᠡᠭᠲᠡᠬᠦᠯᠬᠦ ᠶᠢᠨ ᠰᠢᠲᠢ ᠶᠢ ᠦᠭ᠍ᠬᠦᠨ ᠰᠤᠶᠤᠷᠬ᠎ᠠ!

    ᠤᠮᠤᠭ ᠬᠦᠴᠦᠨ ᠪᠠᠲᠠᠷᠠᠬᠤ ᠶᠢᠨ ᠰᠢᠲᠢ ᠶᠢ ᠦᠭ᠍ᠬᠦᠨ ᠰᠤᠶᠤᠷᠬ᠎ᠠ!

    ᠲᠡᠭᠷᠢ ᠶᠢᠨ ᠬᠠᠭᠠᠨ ᠤ ᠵᠠᠷᠯᠢᠭ ᠶᠢᠡᠷ ᠡᠳ᠋ ᠢ ᠪᠠᠷᠢᠨ ᠲᠡᠳᠬᠦᠭ᠍ᠴᠢ

    ᠲᠡᠭᠦᠰ ᠬᠦᠴᠦᠨ ᠦᠢᠯᠡᠳᠦᠭᠴᠢ ᠲᠦᠷᠭᠡᠨ ᠷᠢᠳᠢ ᠶᠢᠨ ᠬᠦᠴᠦᠨ ᠶᠢᠡᠷ

    ᠲᠠᠷᠰ ᠨᠤᠮ ᠳ᠋ᠤ ᠬᠠᠳ ᠤᠨ ᠲᠠᠶᠢᠨ ᠢ ᠲᠠᠯᠠᠬᠠᠨ ᠲᠤᠪᠷᠠᠭ ᠪᠤᠯᠭᠠᠭᠠᠳ

    ᠲᠠᠪᠤᠨ ᠦᠩᠭᠡ ᠲᠦᠷᠪᠡᠨ ᠬᠠᠷᠢ ᠶᠢᠨ ᠤᠯᠤᠰ ᠶᠢᠡᠨ ᠲᠤᠪᠴᠢᠯᠠᠨ

    ᠨᠠᠶ᠋ᠮᠠᠨ ᠲᠦᠮᠡᠨ ᠲᠦᠷᠪᠡᠨ ᠮᠢᠩᠭ᠋ᠠᠨ ᠬᠠᠳ ᠤᠨ ᠡᠷᠬᠢᠮ ᠪᠤᠯᠤᠭᠰᠠᠨ

    ᠨᠤᠮ ᠤᠨ ᠬᠦᠷᠲᠦᠨ ᠬᠠᠭᠠᠨ ᠮᠡᠲᠦ ᠶᠡᠬᠡ ᠠᠤᠭ᠎ᠠ ᠬᠦᠴᠦᠨ ᠶᠢᠡᠷ

    ᠲᠡᠷᠰ ᠨᠤᠮ ᠲᠤ ᠲᠤᠭᠰᠢᠨ ᠲᠤᠳᠬᠠᠷ ᠬᠤᠤᠷᠯᠠᠭᠴᠢᠳ ᠢ ᠴᠢᠲᠠᠭᠴᠢ

    ᠲᠡᠭᠦᠰ ᠬᠦᠴᠦᠨ ᠰᠠᠬᠢᠭᠤᠯᠰᠤᠨ ᠲᠠᠨ ᠢ ᠮᠠᠭᠲᠠᠨ ᠮᠦᠷᠬᠦᠮᠤᠢ᠃

    ᠡᠵᠡᠨ ᠶᠤᠭᠡᠨ ᠲᠠᠬᠢᠨ ᠮᠠᠭᠲᠠᠨ ᠰᠢᠲᠦᠭᠰᠡᠨ ᠤ ᠬᠦᠴᠦᠨ ᠶᠢᠡᠷ

    ᠡᠶ᠎ᠡ ᠮᠢᠨᠦ ᠨᠦᠬᠦᠳ ᠬᠢᠭᠡᠳ ᠡᠳ᠋ᠯᠡᠯ ᠮᠠᠯ ᠢ ᠠᠷᠪᠢᠳᠬ᠎ᠠ! 

    ᠤᠷᠲᠤ ᠨᠠᠰᠤᠨ ᠠᠮᠤᠷ ᠵᠢᠷᠭᠠᠯ ᠡᠷᠬᠡᠰᠢᠶᠡᠯ ᠢ ᠪᠠᠲᠤᠳᠬ᠎ᠠ!

    ᠤᠨᠴᠠ ᠬᠦᠰᠡᠯ ᠪᠦᠲᠦᠭᠡᠬᠦᠢ ᠶᠢᠨ ᠦᠢᠯᠡᠰ ᠤᠳ ᠢ ᠵᠤᠬᠢᠶᠠ!

    ᠵᠠ!ᠬᠦᠮᠦᠨ ᠬᠢᠭᠡᠳ ᠬᠦᠮᠦᠨ ᠪᠤᠰᠤ ᠶᠢᠨ ᠬᠤᠤᠷᠯᠠᠯ ᠤᠳ ᠢ ᠬᠠᠷᠢᠭᠤᠯ!

    ᠬᠡᠯᠡ ᠠᠮᠠ ᠰᠢᠷᠦᠬᠦᠨ ᠪᠠ ᠤᠯᠬᠢᠶᠠᠨ ᠢ ᠬᠠᠷᠢᠭᠤᠯ!

    ᠴᠡᠷᠢᠭ ᠠᠶᠠᠨ ᠲᠠᠶᠢᠰᠤᠨ ᠲᠤᠤᠬᠠᠷ ᠬᠤᠤᠷᠯᠠᠯ ᠤᠳ ᠢ ᠬᠠᠷᠢᠭᠤᠯ!

    ᠴᠢᠭᠤᠯᠭᠠᠨ ᠳ᠋ᠤᠷ ᠬᠤᠤᠷᠯᠠᠯ ᠬᠢᠭ᠍ᠴᠢ ᠦᠰᠲᠦ ᠲᠠᠶᠢᠰᠤᠨ ᠢ ᠬᠠᠷᠢᠭᠤᠯ!

    ᠪᠤᠷᠬᠠᠨ ᠪᠠᠭᠰᠢ ᠶᠢᠨ ᠱᠠᠵᠢᠨ ᠯᠤᠭ᠎ᠠ ᠬᠠᠷᠰᠢᠯᠠᠭᠴᠢ ᠲᠠᠶᠢᠰᠤᠨ ᠳ᠋ᠤᠷ

    ᠪᠠᠲᠤ ᠸᠴᠢᠷ ᠮᠠᠰᠠᠨ ᠶᠢᠡᠷ ᠨᠡᠪᠲᠡ ᠮᠠᠰᠠᠯᠠ!

    ᠠᠮᠢᠨ ᠭᠤᠤᠯ ᠤᠨ ᠰᠤᠲᠠᠰᠤᠨ ᠢ ᠲᠠᠰᠤ ᠲᠠᠰᠤ ᠤᠭᠲᠤᠴᠢᠨ

    ᠸᠴᠢᠷ ᠳ᠋ᠠᠷ᠎ᠠ ᠶᠢᠨ ᠱᠠᠵᠢᠨ ᠢ ᠠᠷᠪᠠᠨ ᠵᠦᠭ ᠲᠤ ᠲᠡᠯᠭᠡᠷᠡᠬᠦᠯ!

    ᠲᠠᠩᠭ᠋ᠠᠷᠢᠭᠯᠠᠨ ᠪᠤᠴᠠᠭᠰᠠᠳ ᠢ ᠬᠦᠯᠢᠨ ᠬᠦᠯᠢᠨ ᠡᠴᠦᠯᠭᠡ!

    ᠲᠤᠭᠰᠢᠨ ᠲᠤᠳᠬᠠᠷ ᠰᠢᠮᠨᠤᠰ ᠤᠳ ᠲᠤ ᠴᠠᠯᠢᠶᠠᠰᠤᠨ ᠪᠠᠭᠤᠯᠭ᠎ᠠ!

    ᠲᠤᠭᠰᠢᠨ ᠬᠤᠷ᠎ᠠ ᠰᠠᠯᠬᠢᠨ ᠮᠦᠨᠳᠦᠷ ᠬᠢᠷᠠᠭᠤ ᠶᠢ ᠬᠠᠷᠢᠭᠤᠯ!

    ᠲᠤᠭᠰᠢᠨ ᠭᠠᠵᠠᠷ ᠤᠰᠤᠨ ᠢ ᠵᠤᠬᠢᠰᠳᠠᠶᠢᠶ᠎ᠠ ᠵᠠᠰᠠᠭᠲᠤᠨ!

    ᠲᠠᠩᠰᠤᠭ ᠭᠤᠷᠪᠠᠨ ᠲᠡᠭᠡᠳᠦᠰ ᠤᠨ ᠠᠳᠢᠰᠲᠠᠳ ᠤᠨ ᠬᠦᠴᠦᠨ ᠶᠢᠡᠷ

    ᠲᠡᠭᠦᠰ ᠬᠦᠴᠦᠨ ᠰᠠᠬᠢᠭᠤᠯᠰᠤᠨ ᠶᠡᠬᠡ ᠴᠠᠭᠠᠨ ᠤᠪᠠᠰᠢ

    ᠲᠦᠰᠢᠮᠡᠳ ᠪᠠ ᠪᠦᠬᠦᠢ ᠬᠠᠮᠤᠭ ᠨᠦᠬᠦᠳ ᠰᠡᠯᠲᠡ ᠪᠦᠬᠦᠲᠡ

    ᠲᠡᠭᠦᠨᠴᠢᠯᠡᠨ ᠬᠦᠰᠡᠭᠰᠡ ᠬᠦᠰᠡᠯ ᠶᠢᠡᠷ ᠬᠠᠩᠭ᠋ᠠᠭᠲᠤᠨ!

    ᠵᠠ!ᠯᠠᠮ᠎ᠠ ᠢᠲᠠᠮ ᠭᠤᠷᠪᠠᠨ ᠴᠤᠬᠠᠭ ᠲᠡᠭᠡᠳᠦᠰ ᠤᠨ ᠠᠪᠤᠷᠠᠯ

    ᠢᠯᠠᠩᠭ᠋ᠤᠶ᠎ᠠ ᠲᠠᠩᠭ᠋ᠠᠷᠢᠭᠲᠤ ᠰᠠᠬᠢᠭᠤᠯᠰᠤᠨ ᠡᠵᠡᠳ ᠶᠢᠡᠷ

    ᠵᠤᠬᠢᠯᠲᠤᠬᠤ ᠦᠢᠯᠡᠰ ᠤᠳ ᠢ ᠮᠠᠰᠢ ᠰᠠᠢᠢᠲᠦᠷ ᠪᠦᠲᠦᠭᠡ!

    ᠵᠦᠭ ᠵᠦᠭ ᠲᠤᠷ ᠵᠢᠷᠭᠠᠯᠠᠩ ᠤᠨ ᠦᠯᠵᠡᠢ ᠬᠤᠲᠤᠭ ᠤᠷᠤᠰᠢ!

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120701122210878