蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ᠄ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ᠌᠌ ᠰᠢᠨ᠎ᠡ ᠪᠡᠷ 5 ᠨᠡᠮᠡᠭᠲᠡᠪᠡ

2018-01-08 12:11

    ᠰᠢᠨᠬᠤᠧᠠ ᠬᠤᠷᠢᠶ᠎ᠠ   ᠦᠷᠦᠮᠴᠢ ᠶᠢᠨ 1 ᠰᠠᠷ᠎ᠠ ᠶᠢᠨ 4 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠰᠦᠨ ᠱᠤᠤ ᠸᠸᠢ ᠎ ) ᠤᠯᠤᠰ ᠤᠨ ᠤᠢ ᠰᠢᠭᠤᠢ ᠶᠢᠨ ᠲᠤᠪᠴᠢᠶᠠᠨ ᠤ ᠰᠢᠯᠭᠠᠨ ᠬᠦᠯᠢᠶᠡᠭᠰᠡᠨ ᠶᠢᠡᠷ᠂ ᠰᠢᠨᠵᠢᠶᠠᠩ ᠤᠨ ᠪᠤᠰᠲᠤᠨᠠᠭᠠᠤᠷ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ᠂ ᠦᠯᠦᠩᠭᠦᠷ ᠨᠠᠭᠤᠷ ᠤᠨ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ᠂ ᠨᠢᠶᠧ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ᠂ ᠰᠠᠸᠠᠯᠢ ᠮᠢᠩᠭ᠋ᠠᠨ ᠨᠠᠭᠤᠷ ᠤᠨ ᠪᠤᠯᠠᠭ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ᠂ ᠫᠤᠰᠺᠠᠮ ᠶᠠᠶᠢᠺᠠᠨ ᠭᠤᠤᠯ ᠤᠨ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ᠌᠌ ᠵᠢᠩᠭᠢᠨᠢ ᠪᠡᠷ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ ᠪᠤᠯᠪᠠ᠃

    ᠡᠭᠦᠨ ᠳ᠋ᠤ ᠪᠤᠰᠲᠤᠨᠠᠭᠤᠷ ᠤᠨ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ ᠤᠨ ᠲᠦᠯᠦᠪᠵᠢᠬᠦᠯᠦᠭᠰᠡᠨ ᠲᠠᠯᠠᠪᠠᠢ 1573.71 ᠺᠦᠸᠠᠳ᠋ ᠺᠢᠯᠤᠮᠧᠲ᠋ᠷ᠂ ᠡᠨᠡ ᠨᠢ ᠶᠠᠨᠴᠢ ᠬᠤᠲᠤᠭᠤᠷ ᠤᠨ 《ᠠᠭᠤᠰᠬᠢ》 ᠶᠤᠮ ; ᠦᠯᠦᠩᠭᠦᠷ ᠨᠠᠭᠤᠷ ᠤᠨ ᠤᠯᠤᠰ ᠤᠨ ᠵᠡᠷᠭᠡᠯᠡᠯ ᠤᠨ ᠨᠤᠭᠤ ᠭᠠᠵᠠᠷ ᠤᠨ ᠴᠡᠴᠡᠷᠯᠢᠭ ᠪᠤᠯ ᠦᠯᠦᠩᠬᠦᠷ ᠨᠠᠭᠤᠷ ᠪᠠ ᠵᠢᠯᠢ ᠨᠠᠭᠤᠷ ᠡᠴᠡ ᠪᠦᠷᠢᠯᠲᠦᠭᠰᠡᠨ ᠪᠠᠶᠢᠲᠠᠭ᠂ ᠶᠡᠷᠦᠩᠬᠡᠢ ᠲᠠᠯᠠᠪᠠᠢ ᠨᠢ 127155 ᠡᠾᠸᠺᠲ᠋ᠠᠷ᠂ ᠦᠯᠦᠩᠭᠦᠷ ᠨᠠᠭᠤᠷ ᠪᠤᠯ ᠬᠤᠶᠢᠲᠤ ᠰᠢᠨᠵᠢᠶᠠᠩ ᠤᠨ ᠮᠦᠩᠬᠡ ᠴᠡᠩᠬᠡᠭ᠌ ᠨᠠᠭᠤᠷ ᠪᠤᠯᠬᠤ ᠶᠤᠮ᠃

    ᠤᠲᠤᠬᠠᠨ ᠪᠤᠯᠲᠠᠯ᠎ᠠ ᠰᠢᠨᠵᠢᠶᠠᠩ ᠤᠨ ᠡᠯ᠎ᠡ ᠲᠦᠷᠦᠯ ᠤᠨ ᠨᠤᠭᠤ ᠭᠠᠵᠠᠷ ᠤᠨ ᠶᠡᠷᠦᠩᠬᠡᠢ ᠲᠠᠯᠠᠪᠠᠢ 394 ᠲᠦᠮᠡᠨ ᠡᠾᠸᠺᠲ᠋ᠠᠷ ᠢ ᠲᠠᠪᠠᠪᠠ᠃ ᠡᠭᠦᠨ ᠳ᠋ᠤ 100 ᠡᠾᠸᠺᠲ᠋ᠠᠷ ᠡᠴᠡ ᠶᠡᠬᠡ ᠨᠤᠭᠤ ᠭᠠᠵᠠᠷ 435 ᠪᠠᠶᠢᠵᠤ᠂ ᠭᠤᠤᠯᠲᠠᠭᠤ ᠲᠡᠭᠷᠢ ᠠᠭᠤᠯᠠ᠂ ᠠᠯᠲᠠᠢ ᠠᠭᠤᠯᠠ᠂ ᠺᠦᠨᠯᠦ᠋ᠨ ᠠᠭᠤᠯᠠ ᠶᠢᠨ ᠰᠢᠰᠲ᠋ᠧᠮ ᠪᠠ ᠲᠠᠷᠢᠮ ᠤᠨ ᠬᠤᠲᠤᠭᠤᠷ᠂ ᠵᠦᠩᠭ᠋ᠠᠷ ᠤᠨ ᠬᠤᠲᠤᠭᠤᠷ ᠲᠤ ᠲᠠᠷᠬᠠᠵᠤ ᠪᠠᠶᠢᠲᠠᠭ᠃

    ᠰᠢᠨᠵᠢᠶᠠᠩ ᠤᠨ ᠤᠶᠢᠭᠤᠷ ᠤᠨ ᠦᠪᠡᠷᠲᠡᠭᠡᠨ ᠵᠠᠰᠠᠬᠤ ᠤᠷᠤᠨ ᠤ ᠤᠢ ᠰᠢᠭᠤᠢ ᠶᠢᠨ ᠲᠤᠪᠴᠢᠶᠠᠨ ᠤ ᠪᠠᠶᠢᠭᠠᠯᠢ ᠶᠢᠨ ᠬᠠᠮᠠᠭᠠᠯᠠᠯᠲᠠ ᠶᠢᠨ ᠪᠦᠰᠡ ᠪᠠ ᠨᠤᠭᠤ ᠭᠠᠵᠠᠷ ᠤᠨ ᠬᠠᠮᠢᠶᠠᠷᠤᠯᠲᠠ ᠶᠢᠨ ᠠᠯᠪᠠᠨ ᠤ ᠠᠵᠢᠯᠲᠠᠨ ᠤ ᠲᠠᠨᠢᠯᠴᠠᠭᠤᠯᠤᠭᠰᠠᠨ ᠶᠢᠡᠷ᠂ ᠤᠲᠤᠬᠠᠨ ᠳ᠋ᠤ ᠰᠢᠨᠵᠢᠶᠠᠩ ᠤᠨ ᠨᠤᠭᠤ ᠭᠠᠵᠠᠷ ᠤᠨ ᠴᠡᠴᠡᠷᠯᠢᠭ᠌᠌ ᠴᠦᠮ ᠶᠢᠡᠷ ᠶᠢᠡᠨ ᠲᠦᠯᠦᠪᠦᠷᠢ ᠦᠭᠡᠢ ᠨᠡᠬᠡᠬᠡᠯᠲᠡ ᠲᠠᠢ᠂ ᠬᠡᠰᠡᠭ ᠨᠤᠭᠤ ᠭᠠᠵᠠᠷ ᠤᠨ ᠴᠡᠴᠡᠷᠯᠢᠭ᠌᠌ ᠪᠠ ᠲᠤᠬᠠᠢ ᠶᠢᠨ ᠤᠷᠤᠨ ᠤ ᠦᠵᠡᠮᠵᠢ ᠶᠢᠨ ᠪᠦᠰᠡ ᠬᠠᠮᠲᠤ ᠪᠠᠶᠢᠪᠠᠯ ᠵᠠᠰᠠᠭ ᠤᠨ ᠤᠷᠲᠤᠨ ᠡᠴᠡ ᠲᠤᠬᠢᠷᠠᠮᠵᠢᠲᠠᠢ ᠪᠢᠯᠧᠲ ᠲᠤᠬᠢᠷᠠᠭᠤᠯᠤᠨ ᠵᠢᠭᠤᠯᠴᠢᠯᠠᠭᠴᠢᠳ ᠲᠤ ᠨᠡᠬᠡᠬᠡᠵᠦ ᠪᠠᠶᠢᠲᠠᠭ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120791122226043