蒙古文网站Logo
ᠰᠢᠨᠬᠤᠸᠠ ᠮᠤᠩᠭ᠋ᠤᠯ ᠨᠧᠲ

ᠤᠤᠬᠠᠢ ᠬᠤᠷᠤᠶᠢᠯᠠᠭᠰᠠᠨ《ᠠᠷᠢᠭᠤᠨ ᠳᠠᠭᠱᠢᠨ ᠠᠷᠤ ᠬᠤᠷᠴᠢᠨ》

2018-01-12 11:58

    ᠰᠢᠨᠬᠤᠸᠠ ᠮᠣᠩᠭᠣᠯ ᠨᠧᠲ  ᠬᠦᠬᠡᠬᠤᠲᠠ ᠶᠢᠨ 1 ᠰᠠᠷ᠎ᠠ ᠶᠢᠨ 12 ᠤ ᠡᠳᠦᠷ ᠤᠨ ᠴᠠᠬᠢᠯᠭᠠᠨ ᠮᠡᠳᠡᠭᠡ (ᠬᠡᠤᠬᠡᠨᠰᠤᠯᠢ ᠰᠤᠷᠤᠶ᠎ᠠ) ᠲᠠᠯ᠎ᠠ ᠨᠤᠲᠤᠭ ᠤᠨ ᠨᠡᠭᠦᠳᠡᠯ ᠰᠤᠶᠤᠯ ᠢ ᠤᠯᠤᠰ ᠤᠨ ᠳᠤᠲᠤᠭᠠᠲᠤ ᠲᠡᠷᠡᠴᠢᠯᠡᠨ ᠳᠡᠯᠡᠬᠡᠢ ᠶᠢᠨ ᠦᠵᠡᠭᠴᠢ ᠲᠦᠮᠡᠨ ᠤ ᠬᠠᠷᠠᠭᠠᠨ ᠳᠤ ᠬᠦᠷᠭᠡᠵᠤ ᠴᠢᠳᠠᠭᠰᠠᠨ 《ᠠᠷᠢᠭᠤᠨ ᠳᠠᠭᠱᠢᠨ ᠠᠷᠤ ᠬᠤᠷᠴᠢᠨ》ᠬᠡᠮᠡᠬᠦ ᠤᠯᠠᠨ ᠠᠩᠭᠢᠲᠤ ᠪᠠᠷᠢᠮᠲᠠᠲᠤ ᠺᠢᠨᠣ᠋ ᠶᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠪᠡᠯᠡᠭ ᠪᠤᠯᠭᠠᠨ ᠦᠢᠯᠡᠳᠴᠤ᠂ 2017 ᠤᠨ ᠤ 8 ᠰᠠᠷ᠎ᠠ ᠳᠤ ᠲᠦᠪ ᠲᠧᠯᠧᠶ᠋ᠰ ᠤᠨ ᠨᠢᠭᠡᠳᠦᠭᠡᠷ ᠰᠤᠪᠠᠭ ᠤᠨ《ᠳᠤᠮᠳᠠᠳᠤ ᠶᠢᠨ ᠦᠨᠳᠦᠰᠦᠲᠡᠨ》ᠬᠡᠮᠡᠬᠦ ᠨᠡᠪᠳᠡᠷᠡᠭᠦᠯᠭᠡ ᠪᠡᠷ ᠠᠩᠬ᠎ᠠ ᠦᠵᠡᠭᠴᠢᠳ ᠲᠠᠢ ᠵᠤᠯᠭᠠᠭᠤᠯᠤᠭᠰᠠᠨ ᠶᠤᠮ᠃

    《ᠠᠷᠢᠭᠤᠨ ᠳᠠᠭᠱᠢᠨ ᠠᠷᠤ ᠬᠤᠷᠴᠢᠨ》 ᠤᠯᠠᠨ ᠠᠩᠭᠢᠲᠤ ᠺᠢᠨᠣ᠋ ᠪᠤᠯ ᠤᠯᠠᠭᠠᠨᠬᠠᠲᠠ ᠬᠤᠲᠠ ᠶᠢᠨ ᠤᠬᠠᠭᠤᠯᠬᠤ ᠬᠡᠯᠲᠡᠰ᠂ ᠠᠷᠤ ᠬᠤᠷᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ᠂ ᠤᠯᠠᠭᠠᠨᠬᠠᠲᠠ ᠶᠢᠨ ᠰᠠᠨ ᠾᠧ ᠺᠢᠨᠣ᠋ ᠲᠧᠯᠧᠶ᠋ᠰ ᠵᠠᠭᠤᠴᠢ ᠶᠢᠨ ᠬᠢᠵᠠᠭᠠᠷᠲᠤ ᠺᠤᠮᠫᠠᠨᠢ ᠡᠴᠡ ᠬᠠᠮᠲᠤᠷᠠᠨ ᠦᠢᠯᠡᠳᠦᠭᠰᠡᠨ ᠲᠤᠮᠤ ᠬᠡᠯᠪᠡᠷᠢ ᠶᠢᠨ ᠲᠠᠯ᠎ᠠ ᠨᠤᠲᠤᠭ ᠤᠨ ᠨᠡᠭᠦᠳᠡᠯ ᠰᠤᠶᠤᠯ ᠤᠨ ᠪᠠᠷᠢᠮᠲᠠᠲᠤ ᠺᠢᠨᠣ᠋ ᠮᠦᠨ᠃ ᠡᠨᠡᠬᠦ ᠺᠢᠨᠣ᠋ ᠨᠢ《ᠪᠠᠷᠠᠯᠠᠯ》᠂《ᠨᠡᠭᠦᠳᠡᠯ》᠂《ᠠᠮᠲᠠᠲᠤ ᠢᠳᠡᠭᠡᠨ》᠂《ᠤᠷᠤᠭ ᠬᠤᠷᠢᠮ》᠂《ᠵᠢᠷᠤᠬᠡᠨ ᠤ ᠠᠶᠠᠰ》ᠪᠤᠯᠤᠨ《ᠤᠯᠠᠮᠵᠢᠯᠠᠯ》ᠬᠡᠮᠡᠬᠦ ᠵᠢᠷᠭᠤᠭᠠᠨ ᠠᠩᠭᠢ ᠪᠡᠷ ᠪᠦᠷᠢᠯᠳᠦᠵᠤ᠂ ᠠᠩᠭᠢ ᠪᠦᠷᠢ ᠨᠢ 30 ᠮᠢᠨᠦ᠋ᠲ᠂ ᠨᠠᠶᠢᠲᠠ 180 ᠮᠢᠨᠦ᠋ᠲ ᠬᠡᠷᠡᠭᠰᠡᠨ ᠨᠤᠲᠤᠭ ᠤᠰᠤᠨ ᠤ ᠵᠠᠩ ᠦᠢᠯᠡ᠂ ᠨᠡᠭᠦᠳᠡᠯ ᠰᠤᠶᠤᠯ᠂ ᠠᠮᠳᠠᠲᠤ ᠢᠳᠡᠭᠡᠨ᠂ ᠤᠷᠤᠭ ᠬᠤᠷᠢᠮ᠂ ᠳᠠᠭᠤᠤ ᠬᠦᠭ᠍ᠵᠢᠮ᠂ ᠭᠠᠷ ᠤᠷᠠᠯᠠᠯ ᠵᠡᠷᠭᠡ ᠲᠠᠯ᠎ᠠ ᠡᠴᠡ ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠰᠤᠶᠤᠯ  ᠢ ᠬᠦᠨᠵᠡᠭᠡᠢ ᠬᠠᠷᠠᠭᠤᠯᠵᠤ ᠴᠢᠳᠠᠭᠰᠠᠨ ᠶᠤᠮ᠃

    ᠤᠶᠢᠯᠠᠭᠠᠭᠰᠠᠨ ᠢᠶᠡᠷ᠂ 《ᠠᠷᠢᠭᠤᠨ ᠳᠠᠭᠱᠢᠨ ᠠᠷᠤ ᠬᠤᠷᠴᠢᠨ》 ᠤᠯᠠᠨ ᠠᠩᠭᠢᠲᠤ ᠺᠢᠨᠣ᠋ ᠶᠢ ᠨᠡᠪᠳᠡᠷᠡᠭᠦᠯᠦᠭᠰᠡᠨ ᠡᠴᠡ ᠨᠠᠭᠠᠰᠢ ᠤᠷᠢᠳ ᠬᠤᠵᠢᠳ 2017 ᠤᠨ ᠤ ᠲᠠᠪᠤᠳᠤᠭᠠᠷ ᠬᠤᠭᠤᠴᠠᠭᠠᠨ ᠤ《 ᠳᠤᠮᠳᠠᠳᠤ ᠤᠯᠤᠰ・ᠵᠧᠨ ᠵᠢᠶᠠᠩ ᠤᠯᠠᠨ ᠤᠯᠤᠰ ᠤᠨ ᠪᠠᠷᠢᠮᠲᠠᠲᠤ ᠺᠢᠨᠣ᠋ ᠶᠢᠨ ᠦᠪᠡᠳᠡᠭᠰᠢ ᠴᠢᠭᠤᠯᠭᠠᠨ》 ᠤ ᠰᠢᠯᠭᠠᠷᠠᠭᠤᠯᠲᠠ ᠶᠢᠨ ᠠᠵᠢᠯᠯᠠᠭ᠎ ᠠ ᠳᠤ ᠲᠠᠪᠰᠢᠭᠦᠯᠦᠭᠳᠡᠭᠰᠡᠨ ᠱᠠᠩᠨᠠᠯ ᠤᠯᠵᠤ᠂ 2017 ᠤᠨ ᠤ ᠠᠵᠢᠯ ᠲᠦᠷᠦᠯ ᠤᠨ ᠲᠧᠯᠧᠢᠰ ᠨᠡᠪᠲᠡᠷᠡᠭᠦᠯᠬᠡ ᠶᠢᠨ ᠰᠤᠩ᠋ᠭᠤᠨ ᠰᠢᠯᠭᠠᠷᠠᠭᠤᠯᠬᠤ ᠠᠵᠢᠯᠯᠠᠭ᠎ ᠠ ᠳᠤ ᠰᠢᠯᠢᠳᠡᠭ ᠪᠠᠷᠢᠮᠲᠠᠲᠤ ᠺᠢᠨᠣ᠋ ᠶᠢᠨ ᠰᠲ᠋ᠢᠯᠢ ᠳ᠋ᠡᠬᠢ ᠰᠢᠯᠢᠳᠡᠭ ᠪᠦᠲᠦᠭᠡᠯ ᠤᠨ ᠱᠠᠩᠨᠠᠯ ᠬᠦᠷᠲᠡᠭᠰᠡᠨ ᠪᠦᠭᠡᠳ《ᠠᠯᠲᠠᠨ ᠮᠠᠯᠤᠷ ᠦᠳᠡᠭᠡ》 ᠭᠠᠳᠠᠭᠠᠲᠤ ᠳᠤ ᠨᠠᠪᠳᠡᠷᠡᠭᠦᠯᠦᠭᠰᠡᠨ ᠰᠢᠯᠢᠳᠡᠭ ᠨᠡᠪᠳᠡᠷᠡᠭᠦᠯᠭᠡ ᠪᠡᠷ ᠲᠤᠳᠤᠷᠠᠵᠡᠢ᠃ ᠲᠠᠪᠤᠨ ᠲᠢᠪ ᠮᠡᠳᠡᠭᠡᠯᠡᠯ ᠤᠨ ᠲᠦᠪ ᠡᠴᠡ ᠲᠤᠰ ᠺᠢᠨᠣ᠋  ᠶᠢ ᠲᠤᠷᠭᠠᠨ ᠤ ᠵᠠᠮ ᠤᠨ 23 ᠤᠯᠤᠰ ᠤᠨ ᠲᠧᠯᠧᠶ᠋ᠰ ᠢᠶᠡᠷ ᠨᠡᠪᠳᠡᠷᠡᠭᠦᠯᠬᠦ ᠪᠡᠷ ᠲᠦᠯᠦᠪᠯᠡᠵᠤ ᠪᠤᠢ᠃

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122250075