蒙古文网站Logo
ᠰᠢᠨᠬᠤᠸᠠ ᠮᠤᠩᠭ᠋ᠤᠯ ᠨᠧᠲ

ᠺᠤᠷᠢᠶᠠᠴᠤᠳ ᠡᠪᠦᠯ ᠢ ᠢᠩᠭᠢᠵᠦ ᠦᠩᠭᠡᠷᠡᠭᠡᠵᠦ ᠪᠠᠢᠢᠨ᠎ᠠ

2017-02-15 10:19

    ᠰᠢᠨᠬᠤᠸᠠ ᠬᠤᠷᠢᠶ᠎ᠠ   ᠰᠸᠦ᠋ᠯ ᠤᠨ 2 ᠰᠠᠷ᠎ᠠ ᠶᠢᠨ 14 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠶᠤᠤ ᠴᠢ ᠯᠢᠨ ) ᠡᠪᠦᠯ ᠤᠨ ᠴᠠᠭ ᠶᠢᠡᠷ ᠺᠤᠷᠢᠶᠠ ᠪᠡᠷ ᠠᠶᠠᠯᠠᠨ ᠵᠢᠭᠤᠯᠴᠢᠯᠠᠬᠤ ᠪᠡᠷ ᠬᠦᠷᠦᠭᠰᠡᠨ ᠬᠦᠮᠦᠰ ᠺᠤᠷᠢᠶᠠ ᠶᠢᠨ ᠲᠤᠯᠠᠭᠠᠯᠠᠭ᠎ᠠ ᠶᠢᠨ ᠲᠤᠬᠠᠢ ᠰᠠᠢᠢᠨ ᠮᠡᠲᠡᠬᠦ ᠪᠠᠢᠢᠬ᠎ᠠ᠃

    ᠺᠤᠷᠢᠶᠠ ᠪᠤᠯ ᠬᠤᠢᠢᠲᠤ ᠰᠡᠷᠢᠬᠦᠨ ᠪᠦᠰᠡ ᠳ᠋ᠤ ᠪᠠᠢᠢᠷᠢᠯᠠᠵᠤ᠂ ᠰᠡᠷᠢᠭᠦᠨ ᠪᠦᠰᠡᠨ ᠤ ᠲᠠᠯᠠᠢ ᠶᠢᠨ ᠴᠢᠨᠠᠷᠲᠠᠢ ᠠᠭᠤᠷ ᠠᠮᠢᠰᠬᠤᠯ ᠳ᠋ᠤ ᠬᠠᠷᠢᠶᠠᠯᠠᠭᠲᠠᠨ᠎ᠠ᠃ ᠵᠢᠯ ᠪᠦᠷᠢ ᠶᠢᠨ 11 ᠰᠠᠷ᠎ᠠ ᠡᠴᠡ ᠢᠷᠡᠬᠦ ᠵᠢᠯ ᠤᠨ 3 ᠰᠠᠷ᠎ᠠ ᠪᠤᠯᠲᠠᠯ᠎ᠠ ᠠᠭᠤᠷ ᠠᠮᠢᠰᠬᠤᠯ ᠬᠦᠢᠲᠠᠨ ᠂ ᠤᠯᠤᠰ ᠲᠠᠶᠠᠭᠠᠷ ᠤᠨ ᠬᠡᠪᠴᠢᠶᠠᠨ ᠳ᠋ᠤ ᠲᠤᠯᠠᠭᠠᠯᠠᠭ᠎ᠠ ᠬᠢᠬᠦ ᠪᠤᠯᠤᠨ᠎ᠠ᠃ ᠺᠤᠷᠢᠶᠠ ᠶᠢᠨ ᠤᠨᠴᠠᠯᠢᠭᠲᠤ ᠱᠠᠯᠠ ᠲᠤᠯᠠᠭᠠᠯᠠᠭ᠎ᠠ ᠨᠢ ᠲᠤᠯᠠᠭᠠᠯᠠᠭ᠎ᠠ ᠶᠢᠨ ᠭᠤᠤᠷᠰᠤ ᠪᠠᠨ ᠱᠠᠯᠠ ᠶᠢᠨ ᠲᠤᠤᠷ᠎ᠠ ᠲᠤᠬᠢᠷᠠᠭᠤᠯᠵᠦ᠂ ᠢᠯᠴᠢ ᠬᠠᠩᠭ᠋ᠠᠯᠲᠠ ᠪᠡᠷ ᠱᠠᠯᠠ ᠪᠡᠷ ᠲᠠᠮᠵᠢᠨ ᠲᠤᠯᠠᠭᠠᠯᠠᠬᠤ ᠵᠤᠷᠢᠯᠭ᠎ᠠ ᠳ᠋ᠠᠭᠠᠨ ᠬᠦᠷᠲᠡᠭ᠃ ᠡᠨᠡ ᠨᠢ ᠲᠤᠯᠠᠭᠠᠯᠠᠭ᠎ᠠ ᠰᠠᠢᠢᠲᠠᠢ ᠪᠦᠭᠡᠳ ᠭᠡᠷ ᠤᠷᠤᠨ ᠤ ᠵᠠᠢ ᠳ᠋ᠤ ᠠᠷᠪᠢᠲᠠᠢ ᠪᠤᠯᠬᠤᠷ ᠺᠤᠷᠢᠶᠠ ᠶᠢᠨ ᠬᠤᠲᠠ ᠬᠦᠲᠡᠭᠡ ᠳ᠋ᠤ ᠲᠦᠭᠡᠮᠡᠯ ᠬᠡᠷᠡᠭᠯᠡᠭᠳᠡᠲᠡᠭ᠃

    ᠺᠤᠷᠢᠶᠠ ᠪᠤᠯ ᠡᠬᠢ ᠪᠠᠶᠠᠯᠢᠭ ᠬᠠᠷᠢᠴᠠᠩᠭ᠋ᠤᠢ ᠬᠤᠮᠰᠠᠬᠠᠨ᠂ ᠭᠠᠵᠠᠷ ᠤᠨ ᠲᠤᠰᠤ᠂ ᠪᠠᠢᠢᠭᠠᠯᠢ ᠶᠢᠨ ᠰᠢᠲᠠᠮᠠᠬᠠᠢ ᠬᠡᠢ ᠵᠡᠷᠭᠡ ᠨᠢ ᠭᠠᠲᠠᠭᠠᠲᠤ ᠡᠴᠨ ᠤᠷᠤᠭᠤᠯᠬᠤ ᠳ᠋ᠦ ᠲᠦᠰᠢᠭᠯᠡᠵᠦ ᠪᠠᠢᠢᠬᠤ ᠡᠴᠡ ᠵᠠᠰᠠᠭ ᠤᠨ ᠭᠠᠵᠠᠷ ᠡᠴᠡ ᠡᠬᠢ ᠪᠠᠶᠠᠯᠢᠭ ᠤᠨ ᠲᠠᠬᠢᠨ ᠬᠡᠷᠡᠭᠯᠡᠯᠲᠡ ᠪᠠ ᠪᠠᠢᠢᠭᠠᠯᠢ ᠤᠷᠴᠢᠨ ᠢ ᠬᠠᠮᠠᠭᠠᠯᠠᠬᠤ ᠶᠢ ᠲᠦᠢᠯ ᠶᠢᠡᠷ ᠴᠢᠬᠤᠯᠠᠴᠢᠯᠠᠨ ᠦᠵᠡᠲᠡᠭ᠃

    ᠲᠡᠭᠡᠷ᠎ᠡ ᠵᠠᠭᠤᠨ ᠤ ᠨᠠᠶᠠᠭᠠᠳ ᠤᠨ ᠤ ᠰᠡᠬᠦᠯᠴᠢ ᠡᠴᠡ ᠡᠬᠢᠯᠡᠨ ᠺᠤᠷᠢᠶᠠ ᠶᠢᠨ ᠵᠠᠰᠠᠭ ᠤᠨ ᠭᠠᠵᠠᠷ ᠪᠠᠢᠢᠭᠠᠯᠢ ᠶᠢᠨ ᠰᠢᠲᠠᠮᠠᠬᠠᠢ ᠬᠡᠢ ᠵᠡᠷᠭᠡ ᠲᠤᠤᠷ᠎ᠠ ᠨᠡᠭᠦᠷᠡᠰᠦᠳᠦ᠋ᠷᠦᠭᠴᠢ ᠪᠡᠷ ᠨᠡᠭᠦᠷᠡᠰᠦ ᠶᠢ ᠤᠷᠤᠯᠠᠭᠤᠯᠤᠨ ᠭᠡᠷ ᠤᠷᠤᠨ ᠶᠢᠡᠨ ᠲᠤᠯᠠᠭᠠᠯᠠᠬᠤ ᠭᠤᠤᠯ ᠰᠢᠲᠠᠭᠠᠯᠭ᠎ᠠ ᠪᠤᠯᠭᠠᠪᠠ᠃

    ᠺᠤᠷᠢᠶᠠ ᠶᠢᠨ ᠨᠡᠢᠢᠲᠡ ᠬᠦᠮᠦᠨ ᠠᠮᠠ ᠶᠢᠨ 6 ᠡᠵᠡᠯᠡᠬᠦ ᠬᠦᠲᠡᠭᠡ ᠤᠷᠤᠨ ᠨᠤᠲᠤᠭ ᠲᠤ ᠲᠤᠯᠠᠭᠠᠯᠭ᠎ᠠ ᠤᠯᠠᠨ ᠶᠠᠩᠵᠤ ᠶᠢᠨ ᠪᠠᠢᠢᠲᠠᠭ᠃ ᠪᠠᠷᠤᠭ 49ᠡᠷᠦᠬᠡ ᠭᠠᠷᠰᠢ ᠶᠢᠨ ᠵᠤᠤᠬ᠎ᠠ ᠪᠡᠷ ᠲᠤᠯᠠᠭᠠᠴᠠᠵᠤ᠂ 27ᠡᠷᠦᠬᠡ ᠡᠷᠴᠢᠮ ᠬᠦᠴᠦ ᠪᠡᠷ ᠲᠤᠯᠠᠭᠠᠴᠠᠨ᠂ 12.8ᠡᠷᠦᠬᠡ ᠮᠤᠲᠤ ᠲᠦᠯᠡᠭᠡ ᠰᠢᠲᠠᠭᠠᠨ ᠲᠤᠯᠠᠠᠭᠠᠴᠠᠵᠤ ᠪᠠᠢᠢᠨ᠎ᠠ᠃ ᠡᠭᠦᠨ ᠳ᠋ᠤ ᠭᠠᠷᠰᠢ ᠶᠢᠨ ᠵᠤᠤᠬ᠎ᠠ ᠶᠢᠨ ᠲᠤᠯᠠᠭᠠᠯᠠᠭ᠎ᠠ ᠨᠢ ᠵᠠᠷᠤᠯᠭ᠎ᠠ ᠶᠡᠬᠡᠲᠡᠢ᠂ ᠡᠷᠦᠬᠡ ᠪᠦᠷᠢ ᠶᠢᠨ ᠵᠢᠯ ᠤᠨ ᠲᠤᠯᠠᠭᠠᠯᠠᠭ᠎ᠠ 126.8 ᠲᠦᠮᠡᠨ ᠺᠤᠷᠢᠶᠠ ᠸᠤᠨ ᠬᠦᠷᠲᠡᠭ᠃ ᠮᠤᠨᠲᠠᠭ ᠲᠤᠭᠠᠨ ᠤ ᠲᠤᠯᠠᠭᠠᠯᠠᠭ᠎ᠠ ᠶᠢᠨ ᠮᠦᠩᠬᠦ ᠨᠢ ᠺᠤᠷᠢᠶᠠ ᠶᠢᠨ ᠬᠦᠲᠡᠭᠡ ᠠᠢᠢᠯ ᠳ᠋ᠤ ᠲᠠᠷᠤᠭᠠᠰᠤ ᠪᠤᠯᠵᠤ ᠪᠠᠢᠢᠲᠠᠭ᠃

    ᠺᠤᠷᠢᠶᠠ ᠶᠢᠨ ᠵᠠᠰᠠᠭ ᠤᠨ ᠭᠠᠵᠠᠷ ᠡᠴᠡ ᠡᠬᠢ ᠪᠠᠶᠠᠯᠢᠭ ᠤᠨ ᠬᠤᠷᠤᠭᠲᠠᠯ ᠢ ᠪᠠᠭᠠᠰᠬᠠᠬᠤ ᠪᠡᠷ ᠤᠯᠤᠰ ᠲᠠᠶᠠᠭᠠᠷ ᠤᠨ 2 ᠲᠦᠮᠡ ᠭᠠᠷᠤᠢ ᠤᠯᠠᠨ ᠨᠡᠢᠢᠲᠡ ᠶᠢᠨ ᠠᠯᠪᠠᠨ ᠪᠠᠢᠢᠭᠤᠯᠤᠯᠭ᠎ᠠ ᠶᠢᠨ ᠡᠪᠦᠯ ᠤᠨ ᠲᠤᠯᠠᠭᠠᠯᠠᠭ᠎ᠠ ᠶᠢ 18 ᠭ᠍ᠷᠠᠳᠦ᠋ᠰ ᠡᠴᠡ ᠲᠤᠷᠤᠭᠰᠢ ᠪᠠᠢᠢᠬᠤ ᠶᠢ ᠱᠠᠭᠠᠷᠲᠠᠵᠤ᠂ ᠲᠤᠭᠲᠠᠮᠠᠯ ᠪᠤᠰᠤ ᠬᠤᠭᠤᠴᠠᠭ᠎ᠠ ᠪᠡᠷ ᠰᠤᠭᠤᠴᠢᠨ ᠪᠠᠢᠢᠴᠠᠭᠠᠵᠤ ᠪᠠᠢᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
关闭
010070230030000000000000011120791120469933