蒙古文网站Logo
ᠰᠢᠨᠬᠤᠸᠠ ᠮᠤᠩᠭ᠋ᠤᠯ ᠨᠧᠲ

ᠸᠸᠨ᠋ᠸᠽᠦ᠋ᠸᠯᠠ᠄ ᠠᠮᠸᠷᠢᠺᠠ ᠡᠴᠡ ᠸᠸᠨ᠋ᠸᠽᠦ᠋ᠸᠯᠠ ᠶᠢᠨ ᠲᠡᠳ᠋ ᠶᠡᠷᠦᠩᠬᠡᠢᠢᠯᠡᠭᠴᠢ ᠶᠢ ᠬᠤᠤᠷ ᠰᠠᠷᠢᠭᠠᠯᠠᠭᠰᠠᠨ ᠭᠡᠵᠦ ᠶᠠᠯ᠎ᠠ ᠲᠤᠯᠭᠠᠭᠰᠠᠨ ᠢ ᠴᠢᠩᠭ᠋᠎ᠠ ᠡᠰᠡᠷᠭᠦᠴᠡᠵᠦ ᠪᠠᠢᠢᠨ᠎ᠠ

2017-02-15 17:27

    ᠰᠢᠨᠬᠤᠸᠠ ᠬᠤᠷᠢᠶ᠎ᠠ   ᠺᠠᠷᠠᠺᠠᠰ ᠤᠨ 2 ᠰᠠᠷ᠎᠎ᠠ ᠶᠢᠨ 14 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠰᠢᠦᠢ ᠶᠸ᠂ ᠸᠠᠩ ᠶᠢᠩ ) 14 ᠤ ᠡᠲᠦᠷ ᠸᠸᠨ᠋ᠸᠽᠦ᠋ᠸᠯᠠ ᠶᠢᠨ ᠶᠡᠷᠦᠩᠬᠡᠢᠢᠯᠡᠭᠴᠢ ᠮᠠᠳᠦ᠋ᠷᠤ᠋ ᠠᠮᠸᠷᠢᠺᠠ ᠶᠢᠨ ᠡᠳ᠋ ᠤᠨ ᠵᠠᠰᠠᠭ ᠤᠨ ᠶᠠᠮᠤᠨ ᠤ ᠸᠸᠨ᠋ᠸᠽᠦ᠋ᠸᠯᠠ ᠶᠢᠨ ᠲᠡᠳ᠋ ᠶᠡᠷᠦᠩᠬᠡᠢᠢᠯᠡᠭᠴᠢ ᠶᠢ ᠬᠤᠤᠷ ᠰᠠᠷᠢᠭᠠᠯᠠᠭᠰᠠᠨ ᠭᠡᠵᠦ ᠶᠠᠯ᠎ᠠ ᠲᠤᠯᠭᠠᠭᠰᠠᠨ ᠢ ᠴᠢᠩᠭ᠋᠎ᠠ ᠡᠰᠡᠷᠭᠦᠴᠡᠵᠦ ᠪᠠᠢᠢᠬᠤ ᠪᠠᠨ ᠢᠯᠡᠷᠬᠡᠢᠢᠯᠡᠬᠦ ᠶᠢᠨ ᠬᠠᠮᠲᠤ ᠡᠭᠦᠨ ᠤ ᠡᠰᠡᠷᠬᠦ ᠶᠠᠮᠠᠷ ᠴᠤ ᠠᠷᠭ᠎ᠠ ᠬᠡᠮᠵᠢᠶ᠎᠎ᠠ ᠠᠪᠴᠤ ᠮᠡᠲᠡᠨ᠎ᠡ ᠭᠡᠵᠡᠢ᠃

    ᠮᠦᠨ ᠬᠡᠷᠡᠭ ᠲᠤ ᠬᠤᠯᠪᠤᠭᠲᠠᠭᠰᠠᠨ ᠸᠸᠨ᠋ᠸᠽᠦ᠋ᠸᠯᠠ ᠶᠢᠨ ᠲᠡᠳ᠋ ᠶᠡᠷᠦᠩᠬᠡᠢᠢᠯᠡᠭᠴᠢ Twitter ᠲᠠᠮᠵᠢᠭᠤᠯᠤᠨ ᠠᠮᠸᠷᠢᠺᠠ ᠶᠢᠨ ᠬᠢᠨ ᠬᠦᠮᠦᠨ ᠬᠦᠵᠢᠷᠯᠡᠵᠦ ᠤᠷᠤ ᠦᠭᠡᠢ ᠭᠠᠵᠠᠷ ᠤᠪᠤᠭ᠎ᠠ ᠪᠤᠰᠬᠠᠵᠤ ᠪᠠᠢᠢᠨ᠎ᠠ ᠭᠡᠵᠡᠢ᠃

    ᠲᠤᠬᠠᠢ ᠶᠢᠨ ᠦᠲᠡ ᠶᠢᠨ ᠬᠤᠢᠢᠨ᠎ᠠ ᠸᠸᠨ᠋ᠸᠽᠦ᠋ᠸᠯᠠ ᠶᠢᠨ ᠰᠦᠷᠭᠡᠦ ᠨᠠᠮᠲᠠᠳ ᠤᠨ ᠵᠤᠬᠢᠶᠠᠨ ᠪᠠᠢᠢᠭᠤᠯᠤᠯᠲᠠ ᠳ᠋ᠤ ᠡᠷᠬᠡᠰᠢᠶᠡᠭᠲᠡᠵᠦ ᠪᠦᠬᠦᠢ ᠤᠯᠤᠰ ᠲᠠᠶᠠᠭᠠᠷ ᠤᠨ ᠲᠦᠯᠦᠭᠡᠯᠡᠭᠴᠢᠳ ᠤᠨ ᠶᠡᠬᠡ ᠬᠤᠷᠠᠯ ᠶᠢᠡᠷ ᠲᠡᠳ᠋ ᠶᠡᠷᠦᠩᠬᠡᠢᠢᠯᠡᠭᠴᠢ ᠶᠢᠨ ᠬᠤᠤᠷ ᠰᠠᠷᠢᠭᠠᠯᠠᠭᠰᠠᠨ ᠬᠡᠷᠡᠭ ᠤᠨ ᠲᠤᠬᠠᠢ ᠪᠠᠢᠢᠴᠠᠭᠠᠵᠤ᠂ ᠬᠠᠮᠢᠶ᠎ᠠ ᠲᠠᠢ ᠭᠡᠷᠡᠴᠢ ᠶᠢ ᠠᠮᠸᠷᠢᠺᠠ ᠶᠢᠨ ᠲᠠᠯ᠎ᠠ ᠳ᠋ᠤ ᠬᠠᠩᠭ᠋ᠠᠪᠠ᠃ ᠮᠦᠨ ᠬᠠᠦᠯᠢ ᠡᠷᠬᠡ ᠵᠦᠢ ᠶᠢᠨ ᠶᠠᠮᠤᠨ ᠳ᠋ᠤ 《ᠪᠤᠰᠤᠳᠴᠢ》 ᠪᠡᠷ ᠡᠷᠡᠬᠦᠦ ᠶᠢᠨ ᠬᠡᠷᠡᠭ ᠶᠢᠡᠷ ᠪᠠᠢᠢᠴᠠᠭᠠᠬᠤ ᠶᠢ ᠱᠠᠭᠠᠷᠲᠠᠪᠠ᠃

    13 ᠤ ᠡᠲᠦᠷ ᠠᠮᠸᠷᠢᠺᠠ ᠶᠢᠨ ᠡᠳ᠋ ᠤᠨ ᠵᠠᠰᠠᠭ ᠤᠨ ᠶᠠᠮᠤᠨ ᠡᠴᠡ ᠸᠸᠨ᠋ᠸᠽᠦ᠋ᠸᠯᠠ ᠶᠢᠨ ᠲᠡᠳ᠋ ᠶᠡᠷᠦᠩᠬᠡᠢᠢᠯᠡᠭᠴᠢ ᠶᠢ ᠬᠤᠤᠷ ᠰᠠᠷᠢᠭᠠᠯᠠᠭᠰᠠᠨ ᠭᠡᠵᠦ ᠵᠠᠯᠬᠠᠭᠠᠯ ᠦᠵᠡᠬᠦᠯᠪᠡ᠂ ᠡᠭᠦᠨ ᠶᠢᠡᠷ ᠪᠠᠷᠠᠬᠤ ᠦᠭᠡᠢ ᠲᠡᠬᠦᠨ ᠤ ᠠᠮᠸᠷᠢᠺᠠ ᠳ᠋ᠡᠬᠢ ᠬᠦᠷᠦᠩᠭᠡ ᠶᠢ ᠴᠤ ᠴᠠᠷᠴᠠᠭᠠᠪᠠ᠃

    2010 ᠤᠨ ᠤ 7 ᠰᠠᠷ᠎ᠠ ᠡᠴᠡ ᠬᠤᠢᠢᠰᠢ ᠸᠸᠨ᠋ᠸᠽᠦ᠋ᠸᠯᠠ ᠠᠮᠸᠷᠢᠺᠠ ᠬᠤᠶᠠᠷ ᠤᠯᠤᠰ ᠬᠤᠭᠤᠷᠤᠨᠲᠤ ᠪᠠᠨ ᠡᠯᠴᠢᠨ ᠰᠠᠢᠢᠳ ᠲᠤᠮᠢᠯᠠᠭᠰᠠᠨ ᠦᠭᠡᠢ᠃ 2013 ᠤᠨ ᠡᠴᠡ ᠨᠠᠭᠠᠰᠢ᠂ ᠬᠤᠶᠠᠷ ᠤᠯᠤᠰ ᠡᠯᠴᠢᠨ ᠰᠠᠢᠢᠳ ᠢ ᠦᠯᠲᠡᠨ ᠬᠦᠭᠡᠭᠡᠵᠦ᠂ ᠨᠢᠲᠤᠨᠤᠨ ᠤ 3 ᠰᠠᠷ᠎ᠠ ᠳ᠋ᠤ ᠠᠮᠸᠷᠢᠺᠠ ᠡᠴᠡ ᠸᠸᠨ᠋ᠸᠽᠦ᠋ᠸᠯᠠ ᠶᠢᠨ ᠬᠡᠰᠡᠭ ᠨᠤᠶᠠᠳ ᠲᠤ ᠶᠠᠪᠤᠭᠤᠯᠵᠤ ᠪᠠᠢᠢᠭᠰᠠᠨ ᠵᠠᠯᠬᠠᠭᠠᠯ ᠢ ᠨᠢᠭᠡ ᠵᠢᠯ ᠵᠠᠰᠠᠭ ᠵᠠᠬᠢᠷᠭᠠᠨ ᠤ ᠵᠠᠷᠯᠢᠭ ᠤᠨ ᠴᠢᠨᠠᠷᠲᠠᠢ ᠪᠡᠷ ᠤᠷᠲᠤᠳᠬᠠᠪᠠ᠃ ᠰᠡᠬᠦᠯᠡᠷ ᠨᠢ ᠠᠮᠸᠷᠢᠺᠠ ᠶᠢᠨ ᠲᠦᠷᠦ ᠶᠢᠨ ᠶᠠᠪᠤᠲᠠᠯ ᠤᠨ ᠲᠡᠳ᠋ ᠰᠠᠢᠢᠳ ᠬᠤᠶᠠᠷ ᠤᠲᠠᠭ᠎ᠠ ᠸᠸᠨ᠋ᠸᠽᠦ᠋ᠸᠯᠠ ᠠᠢᠢᠯᠴᠢᠯᠠᠨ ᠬᠤᠶᠠᠷ ᠤᠯᠤᠰ ᠤᠨ ᠬᠠᠷᠢᠴᠠᠭ᠎᠎ᠠ ᠪᠠᠭ᠎ᠠ ᠰᠠᠢᠢᠵᠢᠷᠠᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120791120473518