蒙古文网站Logo
ᠰᠢᠨᠬᠤᠸᠠ ᠮᠤᠩᠭ᠋ᠤᠯ ᠨᠧᠲ

ᠠᠩᠭ᠍ᠯᠢ ᠶᠢᠨ ᠵᠠᠰᠠᠭ ᠤᠨ ᠭᠠᠵᠠᠷ ᠢᠷᠭᠡᠳ ᠤᠨ ᠡᠷᠬᠦᠲᠡᠯ ᠢ ᠦᠭᠡᠢᠢᠰᠭᠡᠨ ᠲᠷᠠᠮᠫᠦ᠋ ᠶᠢᠨ ᠠᠢᠢᠯᠴᠢᠯᠠᠨ ᠢᠷᠡᠬᠦ ᠶᠢ ᠶᠡᠷᠦᠩᠬᠡᠢ ᠰᠠᠢᠢᠳ ᠬᠦᠰᠡᠨ ᠬᠦᠯᠢᠶᠡᠨ᠎ᠠ

2017-02-15 17:28

    ᠰᠢᠨᠬᠤᠸᠠ ᠬᠤᠷᠢᠶ᠎ᠠ   ᠯᠤᠨᠳᠤᠨ ᠤ 2 ᠰᠠᠷ᠎ᠠ ᠶᠢᠨ 14 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢᠶᠠᠩ ᠰᠢ ᡁᠢ ) 14 ᠤ ᠡᠲᠦᠷ ᠠᠩᠭ᠍ᠯᠢ ᠶᠢᠨ ᠵᠠᠰᠠᠭ ᠤᠨ ᠭᠠᠵᠠᠷ ᠠᠮᠸᠷᠢᠺᠠ ᠶᠢᠨ ᠶᠡᠷᠦᠩᠬᠡᠢᠢᠯᠡᠭᠴᠢ ᠶᠢᠨ ᠠᠩᠭ᠍ᠯᠢ ᠳ᠋ᠤ ᠠᠢᠢᠯᠴᠢᠯᠠᠬᠤ ᠶᠢ ᠴᠤᠴᠠᠯᠠᠬᠤ ᠢᠷᠭᠡᠳ ᠤᠨ ᠡᠷᠭᠦᠲᠡᠯ ᠢ ᠦᠭᠡᠢᠢᠰᠭᠡᠨ᠂ ᠲᠷᠠᠮᠫ ᠤᠨ ᠡᠨᠡ ᠵᠢᠯ ᠠᠩᠭ᠍ᠯᠢ ᠳ᠋ᠤ ᠠᠢᠢᠯᠴᠢᠯᠠᠨ ᠬᠦᠷᠬᠦ ᠶᠢ ᠬᠦᠰᠡᠨ ᠬᠦᠯᠢᠶᠡᠵᠦ ᠪᠠᠢᠢᠬᠤ ᠪᠠᠨ ᠶᠡᠷᠦᠩᠬᠡᠢ ᠰᠠᠢᠢᠳ ᠢᠯᠡᠷᠬᠡᠢᠢᠯᠡᠪᠡ᠃

    ᠡᠨᠡ ᠵᠢᠯ ᠤᠨ 1 ᠰᠠᠷ᠎ᠠ ᠳ᠋ᠤ᠂ ᠠᠩᠭ᠍ᠯᠢ ᠶᠢᠨ ᠶᠡᠷᠦᠩᠬᠡᠢ ᠰᠠᠢᠢᠳ ᠠᠮᠸᠷᠢᠺᠠ ᠳ᠋ᠤ ᠠᠢᠢᠯᠴᠢᠯᠠᠵᠤ ᠪᠠᠢᠢᠬᠤ ᠬᠤᠭᠤᠴᠠᠭᠠᠨ ᠳ᠋ᠠᠭᠠᠨ ᠠᠩᠭ᠍ᠯᠢ ᠶᠢᠨ ᠤᠯᠤᠰ ᠤᠨ ᠸᠠᠩ ᠢᠯᠢᠴᠸᠪᠸᠽ ᠲᠤᠤᠷ ᠠ ᠬᠠᠭᠠᠰ ᠵᠢᠯ ᠤᠨ ᠦᠶ᠎᠎ᠠ ᠪᠡᠷ ᠲᠷᠠᠮᠫ ᠤᠨ ᠠᠢᠢᠯᠴᠢᠯᠠᠨ ᠬᠦᠷᠬᠦ ᠶᠢ ᠠᠯᠪᠠᠨ ᠶᠤᠰᠤ ᠪᠡᠷ ᠤᠭᠲᠤᠵᠤ ᠪᠠᠢᠢᠬᠤ ᠶᠢ ᠵᠠᠷᠯᠠᠭᠰᠠᠨ ᠳ᠋ᠤ ᠲᠷᠠᠮᠫ ᠬᠦᠯᠢᠶᠠᠨ ᠠᠪᠤᠪᠠ᠃ ᠡᠭᠦᠨ ᠤ ᠲᠠᠷᠠᠭ᠎ᠠ ᠂ ᠲᠷᠠᠮᠫ ᠤᠨ ᠠᠩᠭ᠍ᠯᠢ ᠳ᠋ᠤ ᠠᠢᠢᠯᠴᠢᠯᠠᠨ ᠢᠷᠡᠬᠦ ᠶᠢ ᠴᠤᠴᠠᠯᠬᠤ ᠪᠡᠷ 185 ᠲᠦᠮᠡᠨ ᠢᠷᠭᠡᠨ ᠢᠨᠲ᠋ᠸᠷᠨ᠋ᠸᠲ ᠲᠤ ᠡᠷᠬᠦᠲᠡᠯ ᠭᠠᠷᠭᠠᠪᠠ᠃

    ᠬᠠᠮᠢᠶᠠᠲᠠᠢ ᠲᠤᠭᠲᠠᠭᠠᠯ ᠢ ᠦᠨᠳᠦᠰᠦᠯᠡᠪᠡᠯ ᠡᠷᠬᠦᠲᠡᠯ ᠭᠠᠷᠭᠠᠭᠰᠠᠨ ᠢᠷᠭᠡᠳ 10 ᠲᠦᠮᠡ ᠶᠢ ᠲᠠᠪᠠᠪᠠᠯ ᠵᠦᠪᠯᠡᠯᠭᠡᠨ ᠤ ᠬᠤᠷᠠᠯ ᠡᠴᠡ ᠶᠠᠷᠢᠯᠴᠠᠨ ᠵᠦᠪᠲᠡᠯᠴᠡᠬᠦ ᠪᠤᠯᠤᠨ᠎ᠠ᠃ ᠠᠩᠭ᠍ᠯᠢ ᠶᠢᠨ ᠲᠤᠤᠷᠠᠲᠤ ᠵᠦᠪᠯᠡᠯᠭᠡᠨ ᠤ ᠬᠤᠷᠠᠯ ᠡᠨᠡ ᠰᠠᠷ᠎ᠠ ᠶᠢᠨ 20 ᠤ ᠡᠲᠦᠷ ᠲᠤᠰ ᠰᠡᠳᠦᠪ ᠤᠨ ᠲᠤᠭᠤᠷᠢᠨ ᠳ᠋ᠤ ᠶᠠᠷᠢᠯᠴᠠᠬᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120791120473532