蒙古文网站Logo
ᠰᠢᠨᠬᠤᠸᠠ ᠮᠤᠩᠭ᠋ᠤᠯ ᠨᠧᠲ

ᠤᠮᠠᠷᠠᠲᠤ ᠠᠲ᠋ᠠᠯᠠᠨᠲ ᠲᠠᠯᠠᠢ ᠶᠢᠨ ᠨᠡᠢᠢᠲᠡ ᠶᠢᠨ ᠭᠡᠷ᠎ᠡ ᠶᠢᠨ ᠵᠤᠬᠢᠶᠠᠨ ᠪᠠᠢᠢᠭᠤᠯᠤᠯᠲᠠ ᠡᠴᠡ ᠢᠲ᠋ᠠᠯᠢ ᠶᠢᠨ ᠨᠠᠫᠯᠸᠰ ᠲᠤ ᠵᠢᠯᠤᠭᠤᠳᠬᠤ ᠲᠦᠪ ᠪᠠᠢᠢᠭᠤᠯᠬᠤ ᠪᠡᠷ ᠪᠤᠢ

2017-02-16 12:39

    ᠰᠢᠨᠬᠤᠸᠠ ᠬᠤᠷᠢᠶ᠎ᠠ   ᠪᠷᠦ᠋ᠰᠸᠯ ᠤᠨ 2 ᠰᠠᠷ᠎ᠠ ᠶᠢᠨ 15 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠸᠦ ᠵᠢᠶᠦ᠋ᠨ ) 15 ᠤ ᠡᠲᠦᠷ᠂ ᠤᠮᠠᠷᠠᠲᠤ ᠠᠲ᠋ᠠᠯᠠᠨᠲ ᠲᠠᠯᠠᠢ ᠶᠢᠨ ᠨᠡᠢᠢᠲᠡ ᠶᠢᠨ ᠭᠡᠷ᠎ᠡ ᠶᠢᠨ ᠵᠤᠬᠢᠶᠠᠨ ᠪᠠᠢᠢᠭᠤᠯᠤᠯᠲᠠ ᠶᠢᠨ ᠤᠯᠤᠰ ᠤᠳ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠠᠢᠢᠳ ᠨᠠᠷ ᠡᠴᠡ ᠢᠲ᠋ᠠᠯᠢ ᠶᠢᠨ ᠨᠠᠫᠯᠸᠰ ᠲᠤ ᠵᠢᠯᠤᠭᠤᠳᠬᠤ ᠲᠦᠪ ᠪᠠᠢᠢᠭᠤᠯᠬᠤ ᠪᠡᠷ ᠲᠤᠭᠲᠠᠵᠤ᠂ ᠬᠠᠮᠢᠶ᠎ ᠠ ᠲᠠᠢ ᠲᠠᠯ᠎ᠠ ᠶᠢᠨ ᠬᠢᠨ ᠢ ᠰᠡᠷᠭᠡᠢᠢᠯᠡᠬᠦ ᠪᠤᠯᠤᠨ᠎ᠠ ᠭᠡᠵᠦ ᠤᠮᠠᠷᠠᠲᠤ ᠠᠲ᠋ᠠᠯᠠᠨᠲ ᠲᠠᠯᠠᠢ ᠶᠢᠨ ᠨᠡᠢᠢᠲᠡ ᠶᠢᠨ ᠭᠡᠷ᠎ᠡ ᠶᠢᠨ ᠵᠤᠬᠢᠶᠠᠨ ᠪᠠᠢᠢᠭᠤᠯᠤᠯᠲᠠ ᠶᠢᠨ ᠨᠠᠷᠢᠨ ᠪᠢᠴᠢᠭ᠌ ᠤᠨ ᠲᠠᠷᠤᠭ᠎ᠠ ᠢᠯᠡᠷᠬᠡᠢᠢᠯᠡᠪᠡ᠃

    ᠲᠡᠭᠦᠨ ᠤ ᠶᠠᠷᠢᠬᠤ ᠪᠡᠷ ᠲᠤᠮᠲᠠᠲᠤ ᠲᠤᠷᠤᠨᠠᠲᠤ ᠤᠷᠤᠨ ᠪᠠ ᠤᠮᠠᠷᠠᠲᠤ ᠠᠹᠷᠢᠺᠠ ᠤᠷᠤᠨ ᠪᠤᠯ ᠤᠮᠠᠷᠠᠲᠤ ᠠᠲ᠋ᠠᠯᠠᠨᠲ ᠲᠠᠯᠠᠢ ᠶᠢᠨ ᠨᠡᠢᠢᠲᠡ ᠶᠢᠨ ᠭᠡᠷ᠎ᠡ ᠶᠢᠨ ᠵᠤᠬᠢᠶᠠᠨ ᠪᠠᠢᠢᠭᠤᠯᠤᠯᠲᠠ ᠶᠢᠨ ᠠᠶᠤᠯᠬᠦᠢ ᠠᠮᠤᠷ ᠲᠦᠪᠰᠢᠨ ᠳ᠋ᠤ ᠰᠠᠭᠠᠳ ᠪᠤᠯᠵᠤ ᠪᠠᠢᠢᠲᠠᠭ᠂ ᠢᠲ᠋ᠠᠯᠢ ᠶᠢᠨ ᠨᠠᠫᠯᠸᠰ ᠲᠤ ᠵᠢᠯᠤᠭᠤᠳᠬᠤ ᠲᠦᠪ ᠪᠠᠢᠢᠭᠤᠯᠬᠤ ᠨᠢ ᠪᠠᠢᠢᠲᠠᠯ ᠢ ᠨᠡᠩ ᠰᠠᠢᠢᠨ ᠤᠢᠢᠯᠠᠭᠠᠬᠤ ᠪᠠ ᠠᠷᠭᠠᠴᠠᠭᠠᠬᠤ ᠶᠢᠨ ᠲᠦᠯᠦᠭᠡ ᠶᠤᠮ ᠭᠡᠵᠡᠢ᠃

    ᠤᠢᠢᠯᠠᠭᠠᠭᠰᠠᠨ ᠶᠢᠡᠷ᠂ ᠲᠤᠰ ᠵᠢᠯᠤᠭᠤᠳᠬᠤ ᠲᠦᠪ ᠲᠤ ᠪᠠᠷᠤᠭ 100 ᠬᠦᠮᠦᠨ ᠲᠠᠢ᠂ ᠠᠮᠤᠷ ᠲᠦᠪᠰᠢᠨ ᠤ ᠪᠠᠢᠢᠲᠠᠯ ᠢ ᠲᠤᠲᠤᠯᠠᠬᠤ ᠪᠠ ᠲᠦᠩᠰᠢᠯᠡᠯ ᠤᠯᠤᠰ ᠤᠳ ᠵᠢᠴᠢ ᠤᠯᠠᠨ ᠤᠯᠤᠰ ᠤᠨ ᠵᠤᠬᠢᠶᠠᠨ ᠪᠠᠢᠢᠭᠤᠯᠤᠯᠲᠠ ᠯᠤᠭ᠎ᠠ ᠬᠠᠷᠢᠴᠠᠬᠤ ᠪᠤᠯᠤᠨ᠎ᠠ᠃

    2 ᠰᠠᠷ᠎ᠠ ᠶᠢᠨ 15 ᠤ ᠡᠲᠦᠷ ᠡᠴᠡ 16 ᠤ ᠡᠲᠦᠷ ᠪᠤᠯᠲᠠᠯ᠎ᠠ ᠤᠮᠠᠷᠠᠲᠤ ᠠᠲ᠋ᠠᠯᠠᠨᠲ ᠲᠠᠯᠠᠢ ᠶᠢᠨ ᠨᠡᠢᠢᠲᠡ ᠶᠢᠨ ᠭᠡᠷ᠎ᠡ ᠶᠢᠨ ᠵᠤᠬᠢᠶᠠᠨ ᠪᠠᠢᠢᠭᠤᠯᠤᠯᠲᠠ ᠶᠢᠨ ᠤᠯᠤᠰ ᠤᠳ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠠᠢᠢᠳ ᠨᠠᠷ ᠤᠨ ᠬᠤᠷᠠᠯ ᠪᠷᠦ᠋ᠰᠸᠯ ᠳ᠋ᠤ ᠶᠠᠪᠤᠭᠲᠠᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120791120477569